ᠠᠯᠠᠭ ᠪᠠᠮᠪᠤ ( ᠮᠣᠩᠭᠣᠯ ᠡᠮ ᠦᠨ ᠨᠤᠮᠤᠬᠠᠳᠬᠠᠯ ᠦᠨ ᠤᠬᠠᠭᠠᠨ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠣᠷ  ᠲᠦ ᠬᠡᠷᠡᠭᠯᠡᠬᠦ  ᠨᠡᠷ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠠᠭ ᠪᠠᠮᠪᠤ ᠂ ᠵᠠᠨᠭᠷᠾ ᠂ ᠵᠠᠨᠭ᠍ᠤ ᠠ ᠂ ᠵᠢᠶᠠᠨᠭᠴᠠ ᠬᠣᠷᠤᠬᠠᠢ ᠂ ᠨᠣᠮᠤᠬᠠᠳᠭᠠᠭᠰᠠᠨ ᠠᠯᠠᠭ ᠪᠠᠮᠪᠤ ᠃

ᠤᠭ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠡᠮ ᠪᠣᠯ ᠳ᠋ᠢᠳᠠᠩ ᠴᠣᠬᠤ ᠵᠢᠨ ᠢᠵᠠᠭᠤᠷ  ᠦᠨ ᠰᠢᠪᠠᠵᠢ ᠡᠮᠦᠨᠡᠳᠦ ᠵᠢᠨ ᠲᠤᠷᠤᠭ ᠵᠢᠶᠠᠨᠭᠴᠠ ᠬᠣᠷᠤᠬᠠᠢ ᠪᠤᠶᠤ ᠵᠢᠵᠢᠭ᠌ ᠵᠢᠶᠠᠨᠭᠴᠠ ᠬᠣᠷᠤᠬᠠᠢ ᠵᠢᠨ ᠪᠦᠬᠦᠯᠢ ᠪᠡᠶ᠎ᠡ ᠮᠥᠨ ᠃ ᠲᠤᠰ ᠡᠮ ᠳᠦ ᠭᠣᠣᠯᠳᠠᠭᠤ ᠠᠯᠠᠭ ᠪᠠᠮᠪᠤ ᠵᠢᠨ ᠡᠳ᠋ ᠠᠭᠤᠯᠤᠭᠳᠠᠨ᠎ᠠ ᠃ ᠵᠤᠨ  ᠨᠠᠮᠤᠷ  ᠦᠨ ᠥᠷᠯᠦᠭᠡ ᠵᠢᠨ ᠰᠢᠭᠦᠳᠡᠷᠢ ᠠᠷᠢᠯᠬᠤ  ᠡᠴᠡ ᠡᠮᠦᠨ᠎ᠡ ᠪᠠᠷᠢᠵᠤ ᠂ ᠪᠤᠴᠠᠯᠤᠮ᠎ᠠ ᠤᠰᠤᠨ  ᠳᠦ ᠬᠢᠵᠦ ᠰᠢᠯᠵᠠᠯᠳ ᠠᠯᠠᠭᠠᠳ ᠨᠡᠷᠡᠨ ᠳᠦ ᠬᠠᠲᠠᠭᠠᠨ᠎ᠠ ᠃

ᠨᠣᠮᠤᠬᠠᠳᠭᠠᠬᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

1 ᠠᠯᠠᠭ ᠪᠠᠮᠪᠤ ᠲᠤᠰ ᠡᠮ ᠳᠦ ᠬᠤᠯᠢᠯᠳᠤᠭᠰᠠᠨ ᠶᠠᠭᠤᠮ᠎ᠠ ᠵᠢ ᠠᠷᠢᠯᠭᠠᠨ ᠵᠠᠪᠰᠠᠷ  ᠦᠨ ᠬᠢᠨᠢ ᠨᠢᠮᠭᠡᠨ ᠴᠠᠭᠠᠨ ᠵᠢᠭᠦᠷ  ᠢ ᠠᠪᠴᠤ ᠬᠠᠶᠠᠭᠠᠳ ᠲᠣᠭᠤᠰᠤ ᠰᠢᠷᠤᠢ ᠵᠢ ᠨᠢ ᠡᠯᠬᠡᠭᠳᠡᠨ ᠴᠡᠪᠡᠷᠯᠡᠵᠦ  ᠨᠣᠮᠤᠬᠠᠳᠭᠠᠬᠤ ᠪᠡᠷ ᠪᠡᠯᠡᠳᠭᠡᠨ᠎ᠡ ᠃ 2 ᠬᠠᠭᠰᠠᠭᠠᠭᠰᠠᠨ ᠠᠯᠠᠭ ᠪᠠᠮᠪᠤ ᠤᠷᠢᠳ  ᠢᠶᠡᠷ ᠲᠡᠮᠦᠷ ᠲᠣᠭᠤᠭ᠎ᠠ  ᠪᠡᠨ ᠬᠠᠯᠠᠭᠠᠵᠤ ᠠᠷᠪᠠᠢ ᠪᠤᠶᠤ ᠬᠥᠬᠡ ᠠᠷᠪᠠᠢ ( 1 0 k g ᠠᠯᠠᠭ ᠪᠠᠮᠪᠤ  ᠳᠦ 2 k g ᠠᠷᠪᠠᠢ ᠬᠡᠷᠡᠭᠯᠡᠨ᠎ᠡ ) ᠬᠢᠵᠦ ᠬᠠᠯᠠᠭᠠᠭᠰᠠᠨ ᠤ ᠰᠡᠭᠦᠯᠡᠷ ᠭᠠᠷᠭᠠᠭᠠᠳ ᠂ ᠴᠡᠪᠡᠷᠯᠡᠭᠰᠡᠨ ᠠᠯᠠᠭ ᠪᠠᠮᠪᠤ  ᠪᠡᠨ ᠱᠠ ᠪᠦᠰ  ᠢᠶᠡᠷ ᠪᠠᠭᠯᠠᠨ ᠠᠷᠪᠠᠢ ᠳᠣᠲᠤᠷ᠎ᠠ ᠪᠤᠯᠠᠵᠤ ᠠᠷᠪᠠᠢ ᠵᠢ ᠬᠥᠷᠦᠭᠡᠭᠰᠡᠨ  ᠤ ᠬᠣᠢᠨ᠎ᠠ ᠭᠠᠷᠭᠠᠵᠤ ᠬᠡᠷᠡᠭᠯᠡᠨ᠎ᠡ ᠃ 3 ᠳᠡᠪᠲᠦᠭᠡᠭᠰᠡᠨ ᠠᠯᠠᠭ ᠪᠠᠮᠪᠤ ᠠᠯᠠᠭ ᠪᠠᠮᠪᠤ ᠵᠢᠨ ᠴᠠᠭᠠᠨ ᠵᠢᠭᠦᠷ ᠢ ᠨᠢ ᠠᠪᠴᠤ ᠬᠠᠶᠠᠭᠠᠳ ᠂ ᠬᠠᠯᠠᠭᠤᠨ ᠠᠷᠢᠬᠢ ᠬᠢᠭᠰᠡᠨ ᠰᠠᠪᠠᠨ  ᠳᠦ ᠬᠢᠵᠦ  ᠨᠡᠪᠲᠡᠷᠡᠲᠡᠯ᠎ᠡ ᠳᠡᠪᠲᠦᠭᠡᠨ᠎ᠡ ᠂ ᠬᠡᠳᠦᠨ ᠠᠯᠠᠭ ᠪᠠᠮᠪᠤ ᠬᠢᠪᠡᠯ ᠮᠥᠨ ᠲᠡᠳᠦᠢ ᠪᠠᠮᠪᠤ ᠵᠢᠨ ᠲᠣᠯᠤᠭᠠᠢ ᠵᠢᠨ ᠬᠡᠮᠵᠢᠶ᠎ᠡ ᠲᠡᠢ ᠰᠢᠬᠢᠷ ᠡᠪᠡᠰᠦ ᠪᠣᠯᠤᠨ ᠪᠢᠪᠢᠯᠢᠩ  ᠢ ᠬᠠᠮᠲᠤ  ᠪᠡᠷ ᠬᠢᠵᠦ ᠂ ᠲᠠᠪᠤᠨ ᠠᠯᠠᠭ ᠪᠠᠮᠪᠤ ᠪᠦᠷᠢ  ᠳᠦ ᠨᠢᠭᠡ ᠴᠠᠷᠴᠠᠬᠠᠢ ᠵᠢᠨ ᠲᠣᠯᠤᠭᠠᠢ ( ᠠᠷᠢᠬᠢ  ᠪᠡᠷ ᠴᠢᠭᠢᠭᠲᠦᠭᠦᠯᠵᠦ ᠂ ᠱᠠᠭᠠᠵᠠᠩ ᠰᠠᠪᠠᠨ  ᠳᠦ ᠬᠢᠵᠦ ᠬᠠᠲᠠᠭᠠᠨ᠎ᠠ ) ᠬᠢᠨ᠎ᠡ ᠃

  ᠠᠯᠠᠭ ᠪᠠᠮᠪᠤ
  ᠨᠣᠮᠤᠬᠠᠳᠭᠠᠨᠰᠠᠠ ᠠᠯᠠᠭ ᠪᠠᠮᠪᠤ

ᠪᠦᠲᠦᠭᠡᠭᠳᠡᠬᠦᠨ  ᠤ ᠰᠢᠨᠵᠢ ᠬᠡᠯᠪᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠡᠮ ᠪᠣᠯ ᠤᠷᠲᠤᠯᠵᠢᠨ ᠲᠣᠭᠤᠷᠢᠭ ᠬᠡᠯᠪᠡᠷᠢᠲᠡᠢ ᠪᠥᠭᠡᠳ ᠪᠦᠳᠡᠭᠢ ᠬᠦᠷᠡᠩ ᠥᠩᠭᠡᠲᠡᠢ ᠂ ᠵᠢᠭᠦᠷ ᠦᠨ ᠳᠡᠭᠡᠷ᠎ᠡ ᠨᠢ ᠰᠢᠷ᠎ᠠ ᠡᠷᠢᠶᠡᠨ ᠠᠯᠠᠭ  ᠲᠡᠢ ᠂ ᠬᠡᠪᠡᠯᠢ ᠪᠠ ᠴᠡᠭᠡᠵᠢᠨ  ᠤ ᠬᠡᠰᠡᠭ ᠨᠢ ᠬᠠᠷ᠎ᠠ ᠥᠩᠭᠡᠲᠡᠢ ᠂ ᠴᠡᠭᠡᠵᠢᠨ  ᠤ ᠬᠡᠰᠡᠭ ᠲᠡᠭᠡᠨ ᠭᠤᠷᠪᠠᠨ ᠬᠣᠣᠰ ᠭᠦᠯ ᠲᠡᠢ ᠂ ᠣᠨᠴᠠ ᠦᠮᠡᠬᠡᠢ ᠦᠨᠦᠷ ᠲᠡᠢ ᠂  ᠨᠣᠮᠤᠬᠠᠳᠭᠠᠨᠰᠠᠠ ᠤ ᠰᠡᠭᠦᠯᠡᠷ ᠭᠦᠨ ᠬᠦᠷᠡᠩ ᠥᠩᠭᠡᠲᠡᠢ ᠪᠣᠯᠵᠤ ᠂ ᠬᠡᠦᠷᠡᠭ ᠪᠤᠯᠲᠠᠭ ᠃

ᠨᠣᠮᠤᠬᠠᠳᠭᠠᠯ  ᠦᠨ ᠦᠢᠯᠡᠳᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠡᠮ ᠪᠣᠯ ᠶᠡᠬᠡ ᠬᠣᠣᠷ  ᠲᠡᠢ ᠲᠤᠯᠠ ᠰᠠᠢᠲᠤᠷ  ᠨᠣᠮᠤᠬᠠᠳᠭᠠᠬᠤ  ᠦᠭᠡᠢ ᠪᠡᠷ ᠬᠡᠷᠡᠭᠯᠡᠪᠡᠯ ᠬᠣᠣᠷ  ᠲᠡᠢ ᠪᠠᠢᠳᠠᠭ ᠃ ᠨᠤᠮᠤᠬᠠᠳᠬᠠᠪᠠᠯ ᠲᠡᠭᠦᠨ  ᠤ ᠬᠣᠣᠷ ᠪᠠ ᠦᠮᠡᠬᠡᠢ ᠦᠨᠦᠷ ᠂ ᠭᠠᠵᠢᠭᠤ ᠦᠢᠯᠡᠳᠦᠯ ᠨᠢ ᠪᠠᠭᠠᠰᠴᠤ ᠂ ᠡᠮᠴᠢᠯᠡᠭᠡᠨ  ᠤ ᠦᠢᠯᠡᠳᠦᠯ ᠨᠢ ᠰᠠᠢᠵᠢᠷᠠᠬᠤ ᠮᠥᠷᠲᠡᠭᠡᠨ ᠬᠡᠷᠡᠭᠯᠡᠬᠦ  ᠳᠦ ᠳᠥᠬᠦᠮ ᠪᠣᠯᠤᠨ᠎ᠠ ᠃

ᠠᠮᠲᠠ ᠂ ᠴᠢᠨᠠᠷ ᠂ ᠡᠷᠳᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠰᠢᠭᠤᠨ ᠂ ᠭᠤᠱᠤᠭᠤᠨ ᠂ ᠲᠡᠭᠰᠢ ᠂ ᠬᠣᠣᠷ  ᠲᠡᠢ ᠃

ᠴᠢᠳᠠᠯ ᠪᠠ ᠭᠣᠣᠯᠳᠠᠭᠤ ᠵᠠᠰᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠳᠠᠯ  ᠦᠨ ᠡᠪᠡᠳᠴᠢᠨ  ᠢ ᠲᠤᠭᠤᠯᠭᠠᠬᠤ ᠂ ᠴᠢᠭᠢᠬ᠎ᠠ ᠵᠢ  ᠨᠣᠮᠤᠬᠠᠳᠭᠠᠬᠤ ᠂ ᠰᠢᠭᠡᠯᠭᠡᠬᠦ ᠂ ᠬᠣᠣᠷ ᠢ ᠳᠠᠷᠤᠬᠤ ᠴᠢᠳᠠᠯ  ᠲᠡᠢ ᠃ ᠭᠣᠣᠯᠳᠠᠭᠤ ᠬᠡᠦᠬᠡᠨ ᠬᠡᠪᠲᠡᠰᠢ ᠵᠢᠨ ᠪᠡᠲᠡᠭᠢ ᠂ ᠴᠢᠰᠤ ᠪᠦᠷᠢᠯᠳᠦᠭᠰᠡᠨ ᠡᠪᠡᠳᠴᠢᠨ ᠂ ᠰᠤᠳᠠᠯ  ᠳᠦ ᠰᠠᠷᠨᠢᠭᠰᠠᠨ ᠡᠪᠡᠳᠴᠢᠨ ᠂ ᠰᠤᠳᠠᠯ  ᠦᠨ ᠪᠡᠲᠡᠭᠢ ᠂ ᠬᠡᠪᠡᠯᠢ ᠳᠦ ᠦᠬᠦᠭᠰᠡᠨ ᠬᠡᠦᠬᠡᠳ ᠲᠦᠳᠡᠬᠦ ᠂ ᠭᠠᠯᠵᠠᠭᠤ ᠡᠪᠡᠳᠴᠢᠨ ᠂ ᠰᠢᠭᠡᠰᠦ ᠬᠠᠭᠠᠭᠳᠠᠭᠰᠠᠨ ᠂ ᠤᠰᠤᠨ ᠬᠠᠪᠤᠩ ᠂ ᠬᠤᠯᠤᠭᠠᠨ᠎ᠠ ᠵᠢᠨ ᠶᠠᠷ᠎ᠠ ᠂ ᠬᠣᠵᠢᠭᠢᠷ ᠂ ᠬᠳᠬᠠᠤ᠋ᠢᠵᠤ ᠢᠳᠡᠭᠳᠡᠬᠦ ᠶᠠᠷ᠎ᠠ ᠵᠡᠷᠭᠡ ᠳᠦ ᠬᠡᠷᠡᠭᠯᠡᠨ᠎ᠡ ᠃

ᠨᠣᠮᠤᠬᠠᠳᠭᠠᠯ  ᠦᠨ ᠰᠤᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠠᠭ ᠪᠠᠮᠪᠤ ᠵᠢᠨ ᠬᠣᠣᠷᠲᠤ ᠪᠦᠷᠢᠯᠳᠦᠬᠦᠨ ᠨᠢ ᠠᠯᠠᠭ ᠪᠠᠮᠪᠤ ᠵᠢᠨ ᠡᠳ᠋ ᠪᠣᠯᠤᠨ᠎ᠠ ᠂ ᠡᠨᠡ ᠨᠢ ᠠᠷᠠᠰᠤ ᠂ ᠰᠠᠯᠢᠰᠤᠲᠤ ᠪᠦᠷᠬᠦᠪᠴᠢ ᠳᠦ ᠴᠢᠩᠭ᠎ᠠ ᠰᠡᠳᠦᠯᠲᠡ ᠲᠡᠢ ᠂ ᠡᠳᠡᠭᠡᠷ ᠣᠷᠤᠨ  ᠳᠦ ᠬᠦᠷᠦᠯᠴᠡᠪᠡᠯ ᠤᠯᠠᠢᠬᠤ ᠂ ᠴᠥᠪᠦᠷᠢᠭᠦᠦ ᠡᠭᠦᠰᠬᠦ ᠮᠡᠲᠦ ᠦᠵᠡᠭᠳᠡᠯ ᠢᠯᠡᠷᠡᠨ᠎ᠡ ᠃ ᠳᠣᠲᠤᠷ᠎ᠠ ᠬᠡᠷᠡᠭᠯᠡᠪᠡᠯ ᠬᠣᠭᠤᠯᠠᠢ ᠬᠣᠭᠤᠯᠵᠤᠤᠷ ᠬᠠᠯᠠᠭᠤᠨ ᠣᠷᠬᠢᠬᠤ ᠂ ᠪᠥᠭᠡᠯᠵᠢᠰᠦ ᠬᠦᠷᠬᠦ ᠂ ᠪᠥᠭᠡᠯᠵᠢᠬᠦ ᠂ ᠬᠡᠪᠡᠯᠢ ᠵᠢᠨ ᠬᠡᠰᠡᠭ ᠪᠠᠵᠠᠯᠠᠨ ᠡᠪᠡᠳᠬᠦ ᠂ ᠴᠢᠰᠤ  ᠪᠡᠷ ᠰᠢᠭᠡᠬᠦ ᠵᠢᠴᠢ ᠬᠤᠤᠷᠳᠠᠭᠳᠠᠯ  ᠦᠨ ᠴᠢᠨᠠᠷ  ᠲᠡᠢ ᠪᠥᠭᠡᠷᠡᠨ ᠦᠷᠪᠢᠰᠦᠯ ᠡᠭᠦᠰᠦᠨ᠎ᠡ ᠃ ᠬᠡᠲᠦᠷᠡᠪᠡᠯ ᠪᠥᠭᠡᠷᠡᠨ  ᠤ ᠳᠤᠷᠤᠢᠲᠠᠯ ᠡᠭᠦᠰᠬᠦ ᠂ ᠴᠢᠰᠤᠨ ᠡᠷᠭᠢᠯᠲᠡ ᠰᠠᠭᠠᠳ  ᠲᠡᠢ ᠪᠣᠯᠵᠤ ᠠᠮᠢ ᠨᠠᠰᠤᠨ  ᠳᠦ ᠠᠶᠤᠯ ᠲᠦᠭᠰᠢᠭᠦᠷᠢ ᠲᠡᠢ ᠪᠤᠯᠲᠠᠭ ᠃ ᠡᠢᠮᠦ  ᠡᠴᠡ ᠠᠯᠠᠭ ᠪᠠᠮᠪᠤ ᠵᠢᠨ ᠲᠦᠭᠦᠬᠡᠢ ᠡᠳ᠋ ᠢ ᠳᠣᠲᠤᠷ᠎ᠠ ᠬᠡᠷᠡᠭᠯᠡᠵᠦ ᠪᠣᠯᠬᠤ  ᠦᠭᠡᠢ ᠂ ᠳᠣᠲᠤᠷ᠎ᠠ ᠬᠡᠷᠡᠭᠯᠡᠪᠡᠯ ᠡᠷᠬᠡᠪᠰᠢ  ᠨᠣᠮᠤᠬᠠᠳᠭᠠᠬᠤ ᠬᠡᠷᠡᠭᠲᠡᠢ ᠃

1 ᠬᠢᠮᠢ ᠵᠢᠨ ᠪᠦᠷᠢᠯᠳᠦᠬᠦᠨ ᠳᠦ ᠦᠵᠡᠭᠦᠯᠬᠦ ᠨᠥᠯᠦᠭᠡ

︵ 1 ︶ ᠠᠯᠠᠭ ᠪᠠᠮᠪᠤ ᠵᠢᠨ ᠡᠳ᠋ ᠦᠨ ᠬᠢᠮᠢ ᠹᠢᠽᠢᠺ ᠦᠨ ᠰᠢᠨᠵᠢ ᠴᠢᠨᠠᠷ ᠢ ᠦᠨᠳᠦᠰᠦᠯᠡᠵᠦ ᠂ ᠠᠷᠪᠠᠢ  ᠲᠡᠢ ᠬᠠᠭᠤᠷᠬᠤ ︵ ᠬᠠᠭᠰᠠᠭᠠᠬᠤ ︶  ᠨᠢ ᠬᠠᠮᠤᠭ ᠰᠠᠢᠨ ᠪᠠᠢᠳᠠᠭ ᠃ ᠠᠯᠠᠭ ᠪᠠᠮᠪᠤ ᠵᠢᠨ ᠡᠳ᠋ ᠨᠢ 8 4 ℃ ᠡᠴᠡ ᠡᠬᠢᠯᠡᠨ ᠠᠯᠭᠠᠰᠠᠨ ᠬᠡᠷᠴᠢᠵᠦ ᠂ ᠠᠯᠭᠠᠰᠠᠨ ᠬᠡᠢᠵᠢᠬᠦ ᠴᠡᠭ ᠨᠢ 1 1 0 ℃ ᠪᠣᠯᠤᠨ᠎ᠠ ᠂ ᠠᠷᠪᠠᠢ  ᠲᠡᠢ ᠬᠠᠭᠤᠷᠪᠠᠯ ᠲᠣᠭᠤᠭᠠᠨ  ᠤ ᠳᠤᠯᠠᠭᠠᠨ ᠨᠢ 1 2 8 ℃ᠪᠠᠢᠵᠤ ᠂ ᠠᠯᠠᠭ ᠪᠠᠮᠪᠤ ᠵᠢᠨ ᠡᠳ᠋ ᠦᠨ ᠠᠯᠭᠠᠰᠠᠨ ᠬᠡᠢᠵᠢᠬᠦ ᠳᠦ ᠠᠰᠢᠭᠲᠠᠢ  ᠪᠡᠷ ᠪᠠᠷᠠᠬᠤ  ᠦᠭᠡᠢ ᠳᠤᠯᠠᠭᠠᠨ ᠤ ᠬᠡᠮᠵᠢᠶ᠎ᠡ ᠨᠢ ᠬᠡᠲᠦᠷᠬᠡᠢ ᠥᠨᠳᠦᠷ ᠪᠣᠯᠬᠤ  ᠦᠭᠡᠢ ᠪᠠᠢᠵᠤ ᠠᠯᠠᠭ ᠪᠠᠮᠪᠤ ᠵᠢᠨ ᠲᠤᠰ ᠪᠡᠶ᠎ᠡ ᠨᠢ ᠬᠡᠦᠷᠰᠢᠬᠦ ᠡᠴᠡ ᠰᠡᠷᠭᠡᠢᠯᠡᠨ᠎ᠡ ᠃ ᠠᠯᠠᠭ ᠪᠠᠮᠪᠤ ᠵᠢ ᠠᠷᠪᠠᠢ  ᠲᠡᠢ ᠬᠠᠮᠲᠤ ᠬᠠᠭᠤᠷᠬᠤ ᠦᠶ᠎ᠡ ᠳᠦ ᠂ ᠬᠠᠯᠠᠭᠤᠨ ᠬᠦᠷᠲᠡᠬᠦ ᠨᠢ ᠵᠢᠭᠳᠡ ᠤᠴᠢᠷ  ᠡᠴᠡ ᠬᠡᠰᠡᠭ ᠬᠣᠣᠷᠲᠤ ᠡᠳ᠋ ᠨᠢ ᠠᠯᠭᠠᠰᠠᠨ ᠬᠡᠢᠵᠢᠬᠦ ᠪᠡᠷ ᠳᠠᠮᠵᠢᠵᠤ ᠪᠠᠭᠤᠷᠠᠨ᠎ᠠ ᠃ ᠡᠭᠦᠨ ᠡᠴᠡ ᠭᠠᠳᠠᠨ᠎ᠠ ᠂ ᠠᠯᠠᠭ ᠪᠠᠮᠪᠤ ᠪᠣᠯ ᠬᠠᠷᠠᠪᠲᠤᠷ ᠥᠩᠭᠡ ᠲᠡᠢ ᠤᠴᠢᠷ  ᠡᠴᠡ ᠲᠡᠩ ᠢᠶᠡᠷ ᠬᠠᠭᠤᠷᠪᠠᠯ ᠭᠠᠯ  ᠦᠨ ᠬᠦᠴᠦ ᠵᠢ ᠬᠢᠵᠠᠭᠠᠷᠯᠠᠵᠤ ᠴᠢᠳᠠᠬᠤ ᠦᠭᠡᠢ ᠂ ᠠᠷᠪᠠᠢ  ᠲᠡᠢ ᠬᠠᠭᠤᠷᠪᠠᠯ ︵ ᠬᠠᠭᠰᠠᠭᠠᠬᠤ ︶ ᠭᠠᠯ  ᠦᠨ ᠬᠦᠴᠦ ᠵᠢ ᠬᠢᠵᠠᠭᠠᠷᠯᠠᠬᠤ  ᠳᠦ ᠳᠥᠬᠦᠮ ᠮᠥᠷᠲᠡᠭᠡᠨ  ᠨᠣᠮᠤᠬᠠᠳᠭᠠᠨᠰᠠᠠ ᠬᠡᠮᠵᠢᠶ᠎ᠡ ᠵᠢ ᠨᠢ ᠴᠦ ᠬᠢᠯᠪᠠᠷ ᠡᠵᠡᠮᠰᠢᠨ᠎ᠡ ᠃ ᠡᠢᠮᠦ  ᠡᠴᠡ ᠠᠷᠪᠠᠢ  ᠲᠡᠢ ᠬᠠᠭᠤᠷᠬᠤ ︵ ᠬᠠᠭᠰᠠᠭᠠᠬᠤ ︶ ᠨᠢ ᠰᠢᠨᠵᠢᠯᠡᠬᠦ ᠤᠬᠠᠭᠠᠨᠴᠢ ᠶᠤᠮ ᠃ ︵ 2 ︶ ᠠᠯᠠᠭ ᠪᠠᠮᠪᠤ ᠵᠢᠨ ᠠᠳᠠᠯᠢ ᠪᠤᠰᠤ ᠬᠡᠰᠡᠭ ᠦᠨ ᠪᠢᠴᠢᠯ ᠬᠡᠮᠵᠢᠶᠡᠨ  ᠤ ᠡᠯᠸᠮᠸᠨ᠋ᠲ  ᠨᠢ ᠵᠥᠷᠢᠶᠡᠨ ᠲᠡᠢ ᠪᠠᠢᠳᠠᠭ ᠂ ᠮᠠᠭᠨᠢ ᠂ ᠴᠠᠢᠷ ᠂ ᠵᠡᠰ ᠵᠡᠷᠭᠡ ᠡᠯᠧᠮᠧᠨ᠋ᠲ ᠦᠨ ᠲᠣᠯᠤᠭᠠᠢ ᠪᠠ ᠵᠢᠭᠦᠷ ᠢ ᠨᠢ ᠠᠪᠤᠭᠰᠠᠨ ᠨᠢ ᠲᠣᠯᠤᠭᠠᠢ ᠪᠠ ᠵᠢᠭᠦᠷ ᠢ ᠨᠢ ᠠᠪᠤᠭᠰᠠᠨ  ᠦᠭᠡᠢ ᠡᠴᠡ ᠪᠡᠨ ᠥᠨᠳᠦᠷ ᠪᠠᠢᠵᠤ ᠂ ᠬᠦᠨᠳᠦ ᠲᠡᠮᠦᠷᠯᠢᠭ ᠪᠣᠯᠬᠤ ᠬᠠᠷ᠎ᠠ ᠲᠤᠭᠤᠯᠭ᠎ᠠ ᠨᠢ ᠲᠣᠯᠤᠭᠠᠢ ᠪᠠ ᠵᠢᠭᠦᠷ  ᠢ ᠨᠢ ᠠᠪᠤᠭᠰᠠᠨ ᠨᠢ ᠠᠪᠤᠭᠰᠠᠨ ᠦᠭᠡᠢ  ᠡᠴᠡ ᠪᠡᠨ ᠳᠣᠣᠷ᠎ᠠ ᠪᠠᠢᠳᠠᠭ ᠃

2 ᠡᠮ ᠦᠨ ᠵᠦᠢ ᠵᠢᠨ ᠦᠢᠯᠡᠳᠦᠯ ᠳᠦ ᠦᠵᠡᠭᠦᠯᠬᠦ ᠨᠥᠯᠦᠭᠡ

︵ 1 ︶ ᠠᠯᠠᠭ ᠪᠠᠮᠪᠤ ᠵᠢ ᠠᠷᠪᠠᠢ  ᠲᠡᠢ ᠬᠠᠭᠤᠷᠬᠤ ︵ ᠬᠠᠭᠰᠠᠭᠠᠬᠤ ︶ ᠪᠤᠶᠤ ᠪᠤᠰᠤᠳ ᠬᠠᠯᠠᠭᠤᠨ  ᠨᠣᠮᠤᠬᠠᠳᠭᠠᠯ  ᠦᠨ ᠠᠷᠭ᠎ᠠ  ᠪᠡᠷ ᠰᠢᠢᠳᠪᠦᠷᠢᠯᠡᠭᠰᠡᠨ ᠨᠢ ᠲᠡᠭᠦᠨ  ᠤLD 50  ᠨᠢ ᠥᠨᠳᠦᠷᠵᠢᠵᠦ ᠂ ᠬᠠᠷᠢᠨ ᠲᠣᠯᠤᠭᠠᠢ ᠂ ᠵᠢᠭᠦᠷ ᠂ ᠭᠦᠯ ᠢ ᠨᠢ ᠬᠠᠶᠠᠭᠰᠠᠨ ᠲᠦᠭᠦᠬᠡᠢ ᠡᠮ ᠬᠢᠭᠡᠳ  ᠨᠣᠮᠤᠬᠠᠳᠭᠠᠨᠰᠠᠠ ᠡᠮ  ᠦᠨ ᠳᠣᠲᠤᠷᠠᠬᠢ ᠠᠯᠠᠭ ᠪᠠᠮᠪᠤ ᠵᠢᠨ ᠡᠳ᠋ ᠂ ᠮᠸᠲ᠋ᠢᠯ ᠬᠦᠴᠢᠯ ᠬᠢᠭᠡᠳ ᠥᠭᠡᠬᠦᠨ ᠲᠤᠰᠤᠨ  ᠤ ᠠᠭᠤᠯᠤᠭᠳᠠᠴᠠ ᠨᠢ ᠥᠨᠳᠦᠷᠵᠢᠵᠦ ᠂ LD 5 0 ᠨᠢ ᠪᠠᠭᠤᠷᠠᠨ᠎ᠠ ᠃ ︵ 2 ︶ ᠦᠯᠢᠭᠡᠷ ᠡᠳ᠋ ᠦᠨ ᠳᠣᠲᠤᠷᠠᠬᠢ LD 5 0 ᠵᠢ ᠬᠠᠷᠢᠴᠠᠭᠤᠯᠤᠨ ᠬᠡᠮᠵᠢᠭᠡᠳ ᠂ ᠠᠷᠪᠠᠢ  ᠲᠡᠢ ᠬᠠᠭᠤᠷᠤᠭᠰᠠᠨ ︵ ᠬᠠᠭᠰᠠᠭᠠᠭᠰᠠᠨ ︶ ᠪᠠ ᠬᠠᠭᠰᠠᠭᠠᠭᠤᠷ  ᠲᠦ ᠬᠠᠭᠰᠠᠭᠠᠭᠰᠠᠨ ᠤ ᠬᠣᠣᠷ ᠨᠢ ᠮᠡᠳᠡᠭᠳᠡᠮ᠎ᠡ ᠪᠠᠭᠤᠷᠠᠨ᠎ᠠ ᠂ ᠡᠭᠦᠨ ᠡᠴᠡ ᠭᠠᠳᠠᠨ᠎ᠠ ᠳᠡᠭᠡᠷᠡᠬᠢ ᠨᠣᠮᠤᠬᠠᠳᠭᠠᠯ ᠨᠢ ᠶᠡᠬᠡ ᠬᠤᠯᠤᠭᠠᠨ᠎ᠠ ᠵᠢᠨ ᠪᠥᠭᠡᠷᠡᠨ ᠳᠦ ᠬᠤᠤᠷᠳᠠᠭᠳᠠᠯ ᠡᠭᠦᠰᠭᠡᠬᠦ ᠨᠢ ᠳᠣᠣᠷ᠎ᠠ ᠪᠠᠢᠳᠠᠭ 【 ᠂

3 ᠤᠷ᠎ᠠ ᠮᠡᠷᠭᠡᠰᠢᠯ ᠦᠨ ᠰᠤᠳᠤᠯᠭ᠎ᠠ

ᠳᠣᠣᠷ᠎ᠠ ᠥᠳᠭᠡᠴᠡ  ᠲᠡᠢ ᠤᠰᠤᠮᠠᠭ ᠨᠠᠲ᠋ᠷᠢ  ᠪᠡᠷ ᠠᠯᠠᠭ ᠪᠠᠮᠪᠤ ᠵᠢ  ᠨᠣᠮᠤᠬᠠᠳᠭᠠᠪᠠᠯ ᠂ ᠠᠯᠠᠭ ᠪᠠᠮᠪᠤ ᠵᠢᠨ ᠡᠳ᠋  ᠨᠢ ᠪᠡᠶ᠎ᠡ ᠳᠣᠲᠤᠷ᠎ᠠ ᠠᠯᠠᠭ ᠪᠠᠮᠪᠤ ᠵᠢᠨ ᠬᠦᠴᠢᠯ ᠦᠨ  ᠨᠠᠲ᠋ᠷᠢ ᠪᠣᠯᠵᠤ ᠬᠤᠪᠢᠷᠠᠵᠤ ᠂ ᠬᠣᠣᠷ ᠨᠢ ᠪᠠᠭᠠᠰᠤᠨ᠎ᠠ ᠃ ᠪᠠᠰᠠ ᠠᠯᠠᠭ ᠪᠠᠮᠪᠤ ᠵᠢᠨ ᠦᠮᠡᠨ  ᠢ ᠡᠰᠡᠷᠭᠦᠴᠡᠬᠦ ᠢᠳᠡᠪᠬᠢ ᠊ ᠴᠢᠨᠠᠷ ᠢ ᠨᠢ ᠥᠨᠳᠦᠷᠵᠢᠭᠦᠯᠦᠨ᠎ᠡ ᠃ ᠡᠨᠡ ᠬᠦ ᠦᠢᠯᠡᠳᠦᠯ ᠨᠢ ᠠᠷᠪᠠᠢ  ᠲᠡᠢ ᠬᠠᠭᠤᠷᠤᠭᠰᠠᠨ ︵ ᠬᠠᠭᠰᠠᠭᠠᠭᠰᠠᠨ ︶ ᠡᠴᠡ ᠰᠠᠢᠨ ᠪᠠᠢᠳᠠᠭ ᠃

ᠬᠠᠳᠠᠭᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠯᠬᠢ ᠨᠡᠪᠲᠡᠷᠡᠬᠦ ᠬᠠᠭᠤᠷᠠᠢ ᠭᠠᠵᠠᠷ  ᠲᠦ ᠬᠠᠳᠠᠭᠠᠯᠠᠵᠤ ᠂ ᠬᠣᠷᠤᠬᠠᠢᠲᠤᠬᠤ  ᠡᠴᠡ ᠰᠡᠷᠭᠡᠢᠯᠡᠵᠦ ᠂ ᠬᠣᠣᠷᠲᠤ ᠡᠮᠲᠦ ᠪᠣᠳᠠᠰ ᠢ ᠡᠵᠡᠩᠨᠡᠵᠦ ᠬᠠᠮᠢᠶᠠᠷᠬᠤ ᠲᠣᠭᠲᠠᠭᠠᠯ ᠶᠣᠰᠤᠭᠠᠷ ᠬᠠᠮᠢᠶᠠᠷᠬᠤ ᠬᠡᠷᠡᠭᠲᠡᠢ ᠃

ᠠᠨᠭᠬᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠰᠠᠭᠠᠬᠤ ᠳᠠᠭᠠᠨ ᠬᠠᠯᠠᠭᠤᠨ ᠨᠢ ᠬᠡᠲᠦᠷᠡᠵᠦ ᠂ ᠬᠡᠲᠦ ᠬᠡᠦᠷᠰᠢᠬᠦ ᠵᠢ ᠬᠡᠷᠰᠡᠦᠯᠡᠬᠦ ᠬᠡᠷᠡᠭᠲᠡᠢ ᠃

ᠰᠤᠷᠪᠤᠯᠵᠢ ᠪᠢᠴᠢᠭ᠌ ᠡᠴᠡ ᠰᠣᠩᠭᠤᠵᠤ ᠠᠪᠤᠭᠰᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

《 ᠡᠮ ᠨᠣᠮᠤᠬᠠᠳᠭᠠᠬᠤ ᠭᠡᠭᠡᠨ ᠬᠥᠮᠦᠷᠭᠡ 》 ᠄ 《 ᠵᠠᠪᠰᠠᠷ  ᠦᠨ ᠵᠢᠭᠦᠷ ᠡᠴᠡ ᠨᠢ ᠰᠠᠯᠭᠠᠨ ᠲᠣᠷᠭ᠎ᠠ  ᠳᠦ ᠪᠠᠭᠯᠠᠵᠤ ᠂ ᠬᠠᠯᠠᠭᠤᠨ ᠠᠷᠪᠠᠢ ᠵᠢᠨ ᠳᠣᠲᠤᠷ᠎ᠠ ᠬᠢᠵᠦ ᠬᠦᠷᠦᠳᠡᠯ᠎ᠡ ᠲᠠᠯᠪᠢᠨ᠎ᠠ ᠂ ᠡᠰᠡᠬᠦᠯ᠎ᠡ ᠵᠠᠪᠰᠠᠷ  ᠦᠨ ᠵᠢᠭᠦᠷ ᠢ ᠰᠠᠯᠭᠠᠯ  ᠦᠭᠡᠢ ᠪᠡᠷ ᠠᠷᠪᠠᠨ ᠵᠠᠨᠭᠷᠾ  ᠲᠦ ᠲᠡᠭᠦᠨ  ᠤ ᠲᠣᠯᠤᠭᠠᠢ ᠵᠢᠨ ᠬᠡᠮᠵᠢᠶ᠎ᠡ ᠲᠡᠢ ᠰᠢᠨᠭᠭᠷ ᠂ ᠪᠢᠪᠢᠯᠢᠩ ᠢ ᠲᠤᠰ ᠲᠤᠰ ᠲᠠᠯᠪᠢᠵᠤ ᠥᠭᠪᠡᠯ ᠬᠤᠷᠴᠠ ᠲᠦᠷᠭᠡᠨ ᠪᠣᠯᠬᠤ ᠪᠥᠭᠡᠳ ᠵᠠᠨᠭᠷᠾ  ᠦᠨ ᠬᠣᠣᠷᠳᠠᠯᠭ᠎ᠠ ᠦᠯᠦ ᠭᠠᠷᠤᠨ᠎ᠠ ᠃ ᠪᠠᠰᠠ ᠨᠢᠭᠡ ᠠᠷᠭ᠎ᠠ ᠨᠢ ᠄ ᠦᠬᠡᠷ ᠦᠨ ᠪᠠᠭᠠᠰᠤᠨ  ᠳᠦ ᠴᠢᠨᠠᠪᠠᠯ ᠬᠣᠣᠷ ᠨᠢ ᠠᠷᠢᠯᠤᠨ᠎ᠠ 》 ᠃

《 ᠳᠥᠷᠪᠡᠨ ᠷᠠᠰᠢᠶᠠᠨ 》 ᠄ 《 ᠵᠠᠨᠭᠷᠾ  ᠢ ᠵᠠᠪᠰᠠᠷ  ᠦᠨ ᠬᠢᠨᠢ ᠨᠢᠮᠭᠡᠨ ᠴᠠᠭᠠᠨ ᠵᠢᠭᠦᠷ ᠢ ᠨᠢ ᠠᠪᠴᠤ ᠬᠠᠶᠠᠪᠠᠯ ᠬᠣᠣᠷ  ᠦᠭᠡᠢ ᠪᠣᠯᠬᠤ ᠪᠣᠯᠪᠠᠴᠤ ᠴᠢᠳᠠᠯ  ᠢᠶᠡᠷ ᠪᠠᠭ᠎ᠠ ᠪᠤᠯᠲᠠᠭ ᠃ ᠲᠡᠢᠨ ᠬᠦ ᠵᠠᠪᠰᠠᠷ  ᠦᠨ ᠬᠢᠨᠢ ᠵᠢᠭᠦᠷ ᠢ ᠠᠪᠬᠤ  ᠦᠭᠡᠢ ᠪᠡᠷ ᠰᠢᠭᠡᠰᠦᠨ ᠳᠦ ᠳᠡᠪᠲᠦᠭᠡᠵᠦ ᠬᠡᠷᠡᠭᠯᠡᠬᠦ ᠪᠤᠶᠤ ᠬᠠᠯᠠᠭᠤᠨ ᠭᠤᠯᠢᠷ  ᠲᠦ ᠪᠣᠭᠤᠵᠤ ᠬᠣᠣᠷ  ᠦᠭᠡᠢ ᠪᠣᠯᠭᠠᠭᠠᠳ ᠬᠡᠷᠡᠭᠯᠡᠬᠦ  ᠳᠦ ᠪᠢᠪᠢᠯᠢᠩ ᠂ ᠰᠢᠨᠭᠭᠷ ᠂ ᠠᠷᠪᠠᠢ ᠵᠢᠨ ᠴᠢᠨᠡᠭᠡᠨ ᠨᠡᠮᠡᠵᠦ ᠥᠭᠪᠡᠯ ᠴᠢᠳᠠᠯ  ᠢᠶᠡᠷ ᠬᠤᠷᠴᠠ ᠪᠣᠯᠬᠤ ᠲᠤᠯᠠ ᠲᠦᠷᠭᠡᠨ ᠰᠢᠭᠡᠯᠭᠡᠬᠦ ᠪᠣᠯᠤᠨ᠎ᠠ 》 ᠃

《 ᠲᠤᠰᠠ ᠠᠮᠤᠭᠤᠯᠠᠩ  ᠦᠨ ᠰᠢᠮ᠎ᠡ ᠵᠢᠨ ᠬᠤᠷᠢᠶᠠᠩᠭᠤᠢ 》 ᠄ 《 ᠵᠠᠨᠭᠷᠾ  ᠦᠨ ᠵᠠᠪᠰᠠᠷ  ᠦᠨ  ᠨᠢᠮᠭᠡᠨ ᠨᠢ ᠳᠠᠯᠠᠪᠴᠢ  ᠲᠡᠢ ᠪᠡᠨ ᠪᠠᠢᠬᠤ ᠬᠡᠷᠡᠭᠲᠡᠢ ᠂ ᠲᠡᠷᠡ ᠳᠠᠯᠠᠪᠴᠢ ᠨᠢ ᠭᠡᠭᠡᠭᠳᠡᠭᠰᠡᠨ ᠪᠣᠯ ᠬᠤᠷᠴᠠ ᠂ ᠲᠦᠷᠭᠡᠨ ᠴᠢᠨᠠᠷ  ᠢᠶᠡᠨ ᠠᠯᠳᠠᠨ᠎ᠠ ᠃ ᠡᠭᠦᠨ  ᠤ ᠬᠣᠣᠷ ᠢ ᠪᠣᠯ ᠰᠢᠨᠭᠭᠷ ᠂ ᠪᠢᠪᠢᠯᠢᠩ ᠂ ᠠᠷᠪᠠᠢ ᠵᠢᠨ ᠲᠡᠳᠦᠢ ᠲᠠᠯᠪᠢᠵᠤ ᠭᠠᠷᠭᠠᠳᠠᠭ ᠪᠢᠯᠡ ᠃ ᠡᠨᠡ ᠪᠣᠯ ᠮᠡᠷᠭᠡᠳ ᠦᠨ ᠭᠠᠷ ᠠᠪᠤᠯᠭ᠎ᠠ ᠮᠥᠨ 》 ᠃

《 ᠮᠣᠩᠭᠤᠯ ᠡᠮ ᠢ ᠵᠦᠪ ᠲᠠᠨᠢᠬᠤ ᠲᠣᠯᠢ 》 ᠄ 《 ᠠᠯᠠᠭ ᠪᠠᠮᠪᠤ ᠵᠢᠨ ᠵᠠᠪᠰᠠᠷ  ᠦᠨ ᠴᠠᠭᠠᠨ ᠵᠢᠭᠦᠷ  ᠲᠤᠨᠢ ᠬᠣᠣᠷ  ᠲᠡᠢ ᠪᠥᠭᠡᠳ ᠡᠪᠡᠷᠰᠢᠶᠡᠯ ᠲᠥᠷᠦᠭᠦᠯᠳᠡᠭ ᠲᠤᠯᠠ ᠬᠠᠶᠠᠬᠤ ᠬᠡᠷᠡᠭᠲᠡᠢ ᠃ ᠳᠠᠬᠢᠨ ᠠᠷᠢᠬᠢᠨ  ᠳᠦ ᠬᠢᠵᠦ  ᠨᠣᠮᠤᠬᠠᠳᠭᠠᠨ᠎ᠠ 》 ᠃ 《 ᠡᠷᠬᠢᠮ ᠲᠡᠭᠦᠪᠦᠷᠢ 》 ᠄ 《 ᠠᠯᠠᠭ ᠪᠠᠮᠪᠤ ᠵᠢᠨ ᠮᠡᠰᠡ ᠪᠡᠷ ᠠᠯᠠᠭᠳᠠᠭᠰᠠᠨ ᠤᠯᠠᠭᠠᠨ ᠥᠩᠭᠡᠲᠡᠢ ᠨᠢ ᠰᠠᠢᠨ ᠪᠥᠭᠡᠳ ᠰᠢᠷ᠎ᠠ ᠥᠩᠭᠡ ᠲᠡᠢ ᠥᠪᠡᠷ ᠢᠶᠡᠨ ᠦᠬᠦᠭᠰᠡᠨ ᠨᠢ ᠮᠠᠭᠤ ᠶᠤᠮ ᠂ ᠵᠠᠪᠰᠠᠷ  ᠦᠨ ᠴᠠᠭᠠᠨ ᠳᠠᠯᠠᠪᠴᠢ ᠨᠢ ᠪᠣᠯ ᠬᠣᠣᠷᠲᠠᠢ ᠮᠥᠷᠲᠡᠭᠡᠨ ᠶᠡᠬᠡ ᠡᠪᠡᠳᠭᠡᠬᠦ ᠲᠤᠯᠠ ᠡᠭᠦᠨ ᠢ ᠬᠠᠯᠠᠭᠤᠨ ᠭᠤᠯᠢᠷ  ᠲᠦ ᠪᠤᠶᠤ ᠰᠢᠭᠡᠰᠦᠨ ᠳᠦ ᠳᠡᠪᠲᠦᠭᠡᠵᠦ ᠨᠣᠮᠤᠬᠠᠳᠭᠠᠪᠠᠯ ᠰᠠᠢᠨ ᠶᠤᠮ ᠂ ᠠᠯᠠᠭ ᠪᠠᠮᠪᠤ ᠵᠢᠨ ᠲᠣᠯᠤᠭᠠᠢ ᠬᠥᠯ  ᠨᠢ ᠲᠠᠰᠤᠷᠠᠪᠠᠯ ᠡᠪᠡᠳᠴᠢᠨ ᠢ ᠲᠠᠲᠠᠬᠤ ᠬᠦᠴᠦ ᠨᠢ ᠪᠠᠭ᠎ᠠ ᠪᠣᠯᠬᠤ ᠵᠢ ᠮᠡᠳᠡᠬᠦ ᠬᠡᠷᠡᠭᠲᠡᠢ 》 ᠃

《 ᠳᠤᠮᠳᠠᠳᠤ ᠤᠯᠤᠰ  ᠦᠨ ᠠᠨᠠᠭᠠᠬᠤ ᠤᠬᠠᠭᠠᠨ ᠤ  ᠨᠡᠪᠲᠡᠷᠬᠡᠢ ᠲᠣᠯᠢ | ᠮᠣᠩᠭᠤᠯ ᠠᠨᠠᠭᠠᠬᠤ ᠤᠬᠠᠭᠠᠨ 》 ᠄ 《 ᠳᠣᠲᠤᠷ  ᠨᠢᠮᠭᠡᠨ ᠵᠢᠭᠦᠷ  ᠢ ᠨᠢ ᠠᠪᠴᠤ ᠬᠠᠶᠠᠭᠠᠳ ᠰᠡᠢᠮᠡᠭᠡᠢ ᠪᠦᠰ ᠢᠶᠡᠷ ᠪᠣᠭᠤᠵᠤ ᠂ ᠬᠠᠭᠤᠷᠤᠭᠰᠠᠨ ᠬᠠᠯᠠᠭᠤᠨ ᠠᠷᠪᠠᠢ ᠵᠢᠨ ᠳᠣᠲᠤᠷ᠎ᠠ ᠬᠢᠵᠦ ᠠᠷᠪᠠᠢ ᠨᠢ ᠬᠦᠷᠦᠭᠰᠡᠨ ᠬᠣᠢᠨ᠎ᠠ ᠭᠠᠷᠭᠠᠨ᠎ᠠ ᠃ ᠳᠣᠲᠤᠷ ᠨᠢᠮᠭᠡᠨ ᠵᠢᠭᠦᠷ ᠢ ᠨᠢ ᠬᠠᠶᠠᠵᠤ ᠂ ᠬᠡᠳᠦᠨ ᠠᠯᠠᠭ ᠪᠠᠮᠪᠤ ᠬᠢᠪᠡᠯ ᠮᠥᠨ ᠲᠡᠳᠦᠢ ᠠᠯᠠᠭ ᠪᠠᠮᠪᠤ ᠵᠢᠨ ᠲᠣᠯᠤᠭᠠᠢ ᠵᠢᠨ ᠬᠡᠮᠵᠢᠶ᠎ᠡ ᠲᠡᠢ ᠰᠢᠬᠢᠷ ᠡᠪᠡᠰᠦ ᠪᠣᠯᠤᠨ ᠪᠢᠪᠢᠯᠢᠩ  ᠢ ᠬᠠᠮᠲᠤ ᠬᠢᠨ᠎ᠡ ᠂ ᠡᠨᠡ ᠬᠣᠶᠠᠷ ᠠᠷᠭ᠎ᠠ ᠵᠢᠨ ᠠᠯᠢᠨ  ᠢᠶᠡᠷ ᠨᠢ  ᠨᠣᠮᠤᠬᠠᠳᠭᠠᠪᠠᠰᠤ ᠨᠢᠭᠡ ᠠᠯᠠᠭ ᠪᠠᠮᠪᠤ ᠪᠦᠷᠢ  ᠳᠦ ᠨᠢᠭᠡ ᠴᠠᠷᠴᠠᠬᠠᠢ ᠵᠢᠨ ᠲᠣᠯᠤᠭᠠᠢ ( ᠠᠷᠢᠬᠢ ᠪᠡᠷ ᠴᠢᠭᠢᠭᠲᠦᠭᠦᠯᠵᠦ ᠂ ᠱᠠᠭᠠᠵᠠᠩ ᠰᠠᠪᠠᠨ  ᠳᠦ ᠬᠢᠵᠦ ᠬᠠᠲᠠᠭᠠᠨ᠎ᠠ ) ᠬᠢᠨ᠎ᠡ 》 ᠃

《 ᠭᠤᠤᠰᠢᠭ᠎ᠠ ᠮᠡᠢᠷᠡᠨ  ᠤ ᠵᠣᠷ 》 ᠄ 《 ᠵᠠᠨᠭᠷᠾ  ᠦᠨ ᠵᠢᠭᠦᠷ ᠦᠨ ᠵᠠᠪᠰᠠᠷ  ᠦᠨ ᠴᠠᠭᠠᠨ  ᠢ ᠠᠪᠤᠭᠠᠳ ᠬᠠᠷ᠎ᠠ ᠠᠷᠢᠬᠢ  ᠳᠦ ᠳᠡᠪᠲᠦᠭᠡᠨ᠎ᠡ 》 ᠃

《 ᠮᠣᠩᠭᠤᠯᠵᠢᠨ ᠤ ᠦᠷᠭᠦᠯᠵᠢ ᠬᠡᠷᠡᠭᠯᠡᠳᠡᠭ ᠮᠣᠩᠭᠤᠯ ᠡᠮ ᠦᠨ ᠨᠠᠢᠷᠠᠯᠭ᠎ᠠ 》᠄ 《 ᠨᠠᠮᠤᠷ ᠶᠡᠬᠡ ᠤᠯᠠᠭᠠᠨ ᠠᠯᠠᠭ ᠪᠠᠮᠪᠤ ᠵᠢ ᠮᠡᠰᠡ ᠪᠡᠷ ᠠᠯᠠᠭᠰᠠᠨ ᠨᠢ ᠰᠠᠢᠨ ᠪᠠᠢᠳᠠᠭ ᠃ ᠬᠣᠣᠷ ᠨᠢ ᠴᠠᠭᠠᠨ ᠵᠢᠭᠦᠷ  ᠲᠤᠨᠢ ᠪᠠᠢᠳᠠᠭ ᠂ ᠡᠢᠮᠦ  ᠡᠴᠡ ᠠᠪᠴᠤ ᠬᠠᠶᠠᠨ᠎ᠠ ᠂ ᠳᠠᠷᠠᠭ᠎ᠠ ᠨᠢ ᠬᠠᠭᠤᠷᠴᠤ ᠬᠠᠯᠠᠭᠤᠯᠤᠭᠰᠠᠨ ᠠᠷᠪᠠᠢ ᠵᠢᠨ ᠳᠣᠲᠤᠷ᠎ᠠ ᠬᠢᠵᠦ ᠨᠣᠮᠤᠬᠠᠳᠭᠠᠨ ᠬᠡᠷᠡᠭᠯᠡᠨ᠎ᠡ ᠂ ᠠᠨᠭᠬᠠᠷᠬᠤ ᠨᠢ᠄ ᠠᠯᠠᠭ ᠪᠠᠮᠪᠤ ᠵᠢᠨ ᠲᠣᠯᠤᠭᠠᠢ ᠭᠦᠯ ᠨᠢ ᠪᠦᠷᠢᠨ ᠪᠠᠢᠬᠤ ᠬᠡᠷᠡᠭᠲᠡᠢ ᠂ ᠎ ᠦᠭᠡᠢ ᠪᠣᠯ ᠡᠮ ᠦᠨ ᠴᠢᠳᠠᠯ ᠢ  ᠨᠥᠯᠦᠭᠡᠯᠡᠨ᠎ᠡ 》 ᠃

《 ᠡᠮ ᠡᠮᠨᠡᠯᠭᠡ ᠵᠢᠨ ᠭᠠᠷ ᠳᠡᠪᠲᠡᠷ 》 ᠄ 《 ᠠᠯᠠᠭ ᠪᠠᠮᠪᠤ ᠵᠢᠨ  ᠨᠢᠮᠭᠡᠨ ᠴᠠᠭᠠᠨ ᠳᠣᠲᠤᠷ ᠵᠢᠭᠦᠷ ᠢ ᠠᠪᠴᠤ ᠬᠠᠶᠠᠭᠠᠳ ᠂ ᠬᠡᠳᠦᠨ ᠠᠯᠠᠭ ᠪᠠᠮᠪᠤ ᠬᠡᠷᠡᠭᠯᠡᠪᠡᠯ ᠲᠡᠳᠦᠢ ᠤᠯᠠᠨ ᠠᠯᠠᠭ ᠪᠠᠮᠪᠤ ᠵᠢᠨ ᠲᠣᠯᠤᠭᠠᠢ ᠵᠢᠨ ᠬᠢᠷᠢ ᠲᠡᠢ ᠰᠢᠨᠭᠭᠷ ᠪᠣᠯᠤᠨ ᠪᠢᠪᠢᠯᠢᠩ ᠬᠣᠶᠠᠷ ᠢ ᠬᠣᠶᠠᠷ  ᠳᠦᠨᠢ ᠬᠡᠷᠡᠭᠯᠡᠨ᠎ᠡ ᠃ ᠠᠯᠠᠭ ᠪᠠᠮᠪᠤ ᠵᠢᠨ  ᠨᠢᠮᠭᠡᠨ ᠴᠠᠭᠠᠨ ᠳᠣᠲᠤᠷ ᠵᠢᠭᠦᠷ  ᠢ ᠨᠢ ᠠᠪᠴᠤ ᠬᠠᠶᠠᠭᠠᠳ ᠱᠠ ᠪᠦᠰ  ᠢᠶᠡᠷ ᠪᠣᠭᠤᠵᠤ ᠂ ᠬᠠᠭᠤᠷᠤᠭᠰᠠᠨ ᠬᠠᠯᠠᠭᠤᠨ ᠠᠷᠪᠠᠢ ᠵᠢᠨ ᠳᠣᠲᠤᠷ᠎ᠠ ᠬᠢᠵᠦ ᠂ ᠠᠷᠪᠠᠢ ᠨᠢ ᠬᠦᠷᠦᠭᠰᠡᠨ ᠬᠣᠢᠨ᠎ᠠ ᠠᠪᠴᠤ ᠭᠠᠷᠭᠠᠨ᠎ᠠ ᠃ ᠡᠨᠡ ᠬᠣᠶᠠᠷ ᠠᠷᠭ᠎ᠠ ᠵᠢᠨ ᠠᠯᠢ ᠪᠡᠷ  ᠨᠢ  ᠨᠣᠮᠤᠬᠠᠳᠭᠠᠨᠰᠠᠠ ᠴᠦ ᠲᠠᠪᠤᠨ ᠠᠯᠠᠭ ᠪᠠᠮᠪᠤ  ᠳᠦ ᠨᠢᠭᠡ ᠴᠠᠷᠴᠠᠬᠠᠢ ᠵᠢᠨ ᠲᠣᠯᠤᠭᠠᠢ ᠬᠢᠵᠦ ᠂ ᠠᠷᠢᠬᠢ  ᠪᠡᠷ ᠴᠢᠭᠢᠭᠲᠦᠭᠦᠯᠦᠨ ᠂ ᠱᠠᠭᠠᠵᠠᠩ ᠰᠠᠪᠠᠨ  ᠳᠦ ᠬᠢᠵᠦ ᠬᠠᠲᠠᠭᠠᠭᠠᠳ ᠬᠡᠷᠡᠭᠯᠡᠪᠡᠯ ᠨᠡᠩ ᠰᠠᠢᠨ ᠶᠤᠮ ᠃ ᠡᠭᠦᠨ ᠡᠴᠡ ᠭᠠᠳᠠᠨ᠎ᠠ ᠠᠯᠠᠭ ᠪᠠᠮᠪᠤ ᠵᠢᠨ ᠵᠢᠭᠦᠷ ᠢ ᠣᠷᠬᠢᠭᠠᠳ ᠂ ᠠᠷᠢᠬᠢᠨ  ᠳᠦ 4 ᠴᠠᠭ ᠳᠡᠪᠲᠦᠭᠡᠭᠡᠳ ᠬᠡᠳᠦᠨ ᠠᠯᠠᠭ ᠪᠠᠮᠪᠤ ᠪᠣᠯ ᠲᠡᠭᠦᠨ ᠲᠡᠢ ᠠᠳᠠᠯᠢ ᠬᠤᠪᠢ ᠵᠢᠨ ᠴᠠᠷᠴᠠᠬᠠᠢ ᠵᠢᠨ ᠲᠣᠯᠤᠭᠠᠢ ᠬᠢᠵᠦ ᠨᠠᠢᠷᠠᠭᠤᠯᠳᠠᠭ 》 ᠃

ᠪᠢᠴᠢᠭᠡᠰᠦ