ᠠᠯᠠᠭ-ᠡᠷᠳᠡᠨᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠠᠯᠠᠭ-ᠡᠷᠳᠡᠨᠢ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠠᠯᠠᠭ-ᠡᠷᠳᠡᠨᠢ
4,500 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
2,992 ᠬᠦᠮᠦᠨ ᠣᠷᠣᠰᠢᠨ ᠰᠠᠭᠤᠳᠠᠭ
76,000 ᠲᠣᠯᠣᠭᠠᠢ ᠮᠠᠯ ᠲᠠᠢ
ᠳᠣᠲᠣᠷ᠎ᠠ ᠪᠠᠨ ᠰᠢᠪᠠᠭᠤ ᠳᠤ᠂ ᠤᠵᠢᠭ (ᠴᠠᠭᠠᠨ ᠪᠡᠯᠴᠢᠷ), ᠢᠷᠭᠢᠰ᠂ ᠴᠠᠭᠠᠨ ᠪᠤᠷᠭᠠᠰᠤ᠂ ᠮᠠᠩᠬᠠᠨ᠂ ᠬᠠᠳᠬᠤᠯᠠ ᠭᠡᠬᠦ ᠵᠢᠷᠭᠤᠭᠠᠨ ᠪᠠᠭ ᠲᠤ ᠬᠤᠪᠢᠶᠠᠭᠳᠠᠨ᠎ᠠ᠃
1931 ᠣᠨ ᠳᠤ ᠡᠭᠦᠰᠬᠡᠨ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠠᠷᠤᠪᠤᠯᠠᠭᠤᠯᠠᠭᠠᠨ-ᠠᠭᠤᠯᠠᠷᠢᠨᠴᠢᠩᠯᠬᠦᠮᠪᠦᠴᠢᠨᠳᠠᠮᠠᠨᠢ-ᠥᠨᠳᠥᠷᠲᠦᠨᠡᠯ ᠲᠠᠪᠤᠨ ᠰᠤᠮᠤ᠂ ᠬᠥᠪᠰᠥᠭᠥᠯ ᠨᠠᠭᠤᠷ ᠢᠶᠠᠷ ᠬᠦᠷᠢᠶᠡᠯᠡᠭᠳᠡᠨ᠎ᠡ᠃
ᠠᠯᠠᠭ-ᠡᠷᠳᠡᠨᠢ ᠰᠤᠮᠤ ᠶᠢᠨ ᠲᠥᠪ ᠦᠨ ᠣᠶᠢᠷᠠᠯᠴᠠᠭᠠᠬᠢ ᠪᠠᠶᠢᠳᠠᠯ᠃ 2006 ᠣᠨ ᠤ 9 ᠰᠠᠷ᠎ᠠ

ᠠᠯᠠᠭ-ᠡᠷᠳᠡᠨᠢ ᠰᠤᠮᠤ ᠨᠢ ᠬᠥᠪᠰᠥᠭᠥᠯ ᠠᠶᠢᠮᠠᠭ ᠤᠨ ᠰᠤᠮᠤ ᠶᠤᠮ᠃ 4,500 ᠣᠷᠴᠢᠮ км² ᠨᠤᠲᠤᠭ ᠲᠠᠢ ᠠᠴᠠ 1,460 ᠺᠦᠸᠠᠳ᠋ ᠺᠢᠯᠣᠮᠧᠲ᠋ᠷ ᠨᠢ ᠣᠢ᠂ 2,760 ᠺᠦᠸᠠᠳ᠋ ᠺᠢᠯᠣᠮᠧᠲ᠋ᠷ ᠨᠢ ᠪᠡᠯᠴᠢᠭᠡᠷ ᠪᠣᠯᠤᠨ᠎ᠠ᠃ 2005 ᠣᠨ ᠤ ᠪᠠᠶᠢᠳᠠᠯ ᠢᠶᠠᠷ ᠲᠤᠰ ᠰᠤᠮᠤ ᠶᠢᠨ ᠬᠦᠮᠦᠨ ᠠᠮᠠ 2992 ᠪᠠᠶᠢᠭᠰᠠᠨ ᠪᠥᠭᠡᠳ ᠬᠠᠯᠬ᠎ᠠᠳᠠᠷᠬᠠᠳᠬᠣᠲᠣᠭᠣᠶᠢᠳᠤᠷᠢᠶᠠᠩᠬᠠᠢ ᠶᠠᠰᠤᠲᠠᠨ ᠠᠮᠢᠳᠤᠷᠠᠨ ᠰᠠᠭᠤᠳᠠᠭ᠃ ᠰᠤᠮᠤ ᠶᠢᠨ ᠲᠥᠪ ᠮᠠᠩᠬᠠᠨ ᠨᠢ ᠠᠶᠢᠮᠠᠭ ᠤᠨ ᠲᠥᠪ ᠮᠥᠷᠡᠨ ᠶᠢ ᠬᠠᠳᠬᠤᠯᠠᠲᠠᠢ ᠬᠣᠯᠪᠣᠭᠰᠠᠨ ᠵᠠᠮ ᠤᠨ ᠣᠶᠢᠷᠠᠯᠴᠠᠭ᠎ᠠ᠂ ᠮᠥᠷᠡᠨ ᠶᠢ ᠡᠴᠡ ᠬᠣᠶᠢᠰᠢ 62 ᠺᠢᠯᠣᠮᠧᠲ᠋ᠷ᠂ ᠨᠡᠶᠢᠰᠯᠡᠯ ᠤᠯᠠᠭᠠᠨᠪᠠᠭᠠᠲᠤᠷᠠ ᠠᠴᠠ 733 ᠺᠢᠯᠣᠮᠧᠲ᠋ᠷ ᠦᠨ ᠵᠠᠢ ᠳᠤ ᠣᠷᠣᠰᠢᠨ᠎ᠠ᠃ ᠰᠤᠮᠤ ᠶᠢᠨ ᠬᠣᠶᠢᠳᠤ ᠬᠢᠯᠢ ᠳᠦ ᠬᠥᠪᠰᠥᠭᠥᠯ ᠨᠠᠭᠤᠷ ᠪᠠᠶᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1926 ᠣᠨ ᠳᠤ ᠬᠥᠪᠰᠥᠭᠥᠯ ᠠᠶᠢᠮᠠᠭ ᠪᠠᠶᠢᠭᠤᠯᠤᠭᠳᠠᠬᠤ ᠳᠤ ᠠᠯᠠᠭ-ᠡᠷᠳᠡᠨᠢ ᠰᠤᠮᠤ ᠵᠣᠬᠢᠶᠠᠨ ᠪᠠᠶᠢᠭᠤᠯᠤᠭᠳᠠᠭᠰᠠᠨ᠃ 1933 ᠣᠨ ᠤ ᠪᠠᠶᠢᠳᠠᠯ ᠢᠶᠠᠷ 1006 ᠡᠷᠦᠬᠡ ᠶᠢᠨ 3,400 ᠣᠷᠴᠢᠮ ᠣᠷᠣᠰᠢᠨ ᠰᠠᠭᠤᠭᠴᠢ᠂ 82,000 ᠣᠷᠴᠢᠮ ᠲᠣᠯᠣᠭᠠᠢ ᠮᠠᠯ ᠲᠠᠢ ᠪᠠᠶᠢᠪᠠ᠃ 1942 ᠣᠨ ᠳᠤ 2 ᠪᠠᠭ ᠷᠢᠨᠴᠢᠩᠯᠬᠦᠮᠪᠦ ᠰᠤᠮᠤᠨ ᠳᠤ ᠰᠢᠯᠵᠢᠵᠦ᠂ ᠮᠥᠨ 1952 ᠣᠨ ᠳᠤ ᠳᠠᠬᠢᠨ 2 ᠪᠠᠭ ᠲᠦᠨᠡᠯ ᠰᠤᠮᠤᠠᠨᠳᠠ ᠨᠢᠭᠡᠳᠴᠡᠢ᠃ 1956 ᠣᠨ ᠳᠤ 《ᠬᠥᠭᠵᠢᠯ》 ᠨᠢᠭᠡᠳᠦᠯ ᠪᠠᠶᠢᠭᠤᠯᠤᠭᠳᠠᠵᠠᠢ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2013 ᠣᠨ ᠤ ᠪᠠᠶᠢᠳᠠᠯ ᠢᠶᠠᠷ 130000 ᠣᠷᠴᠢᠮ ᠲᠣᠯᠣᠭᠠᠢ ᠮᠠᠯᠤ ᠲᠠᠢ ᠠᠴᠠ 26,000 ᠨᠢ ᠬᠣᠨᠢ᠂ 36,000 ᠨᠢ ᠢᠮᠠᠭ᠎ᠠ᠂ 11,500 ᠨᠢ ᠦᠬᠡᠷ ᠪᠣᠯᠤᠨ ᠰᠠᠷᠯᠤᠭ᠂ 6,400 ᠨᠢ ᠠᠳᠤᠭᠤ᠂ 33 ᠨᠢ ᠲᠡᠮᠡᠭᠡ ᠪᠠᠶᠢᠪᠠ[1]᠃ 1980 ᠍ ᠊ᠭᠠᠳ ᠣᠨ ᠳᠤ ᠵᠥᠪᠯᠡᠯᠲᠦ ᠬᠣᠯᠪᠣᠭᠠᠲᠤ ᠤᠯᠤᠰ ᠍ ᠤᠨ ᠭᠧᠣᠯᠣᠭᠢᠴᠢᠳ ᠰᠤᠮᠤ ᠶᠢᠨ ᠨᠤᠲᠤᠭ ᠲᠤ ᠥᠷᠭᠡᠨ ᠬᠡᠮᠵᠢᠶᠡᠨ ᠦ ᠰᠤᠳᠤᠯᠭ᠎ᠠ ᠶᠠᠪᠤᠭᠤᠯᠵᠤ᠂ ᠹᠣᠰᠹᠣᠷ ᠍ ᠤᠨ ᠣᠷᠳᠣ ᠭᠠᠵᠠᠷ ᠣᠯᠤᠭᠰᠠᠨ ᠪᠥᠭᠡᠳ ᠪᠠᠶᠢᠭᠠᠯᠢ ᠤᠷᠴᠢᠨ ᠳᠤ ᠮᠠᠭᠤ ᠪᠠᠷ ᠨᠥᠯᠦᠭᠡᠯᠡᠨ᠎ᠡ ᠭᠡᠳᠡᠭ ᠦᠨᠳᠦᠰᠦᠯᠡᠯ ᠢᠶᠡᠷ ᠣᠯᠪᠤᠷᠢᠯᠠᠯᠲᠠ ᠶᠠᠪᠤᠭᠳᠠᠬᠤ ᠦᠭᠡᠢ ᠪᠠᠶᠢᠭ᠎ᠠ᠃ ᠮᠥᠨ ᠬᠠᠷ᠎ᠠ ᠨᠡᠭᠦᠷᠡᠰᠦᠪᠠᠯ ᠴᠢᠯᠠᠭᠤᠥᠭᠡᠬᠦᠨ ᠴᠢᠯᠠᠭᠤ ᠡᠯᠪᠡᠭ ᠲᠡᠢ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃14

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ