ᠠᠯᠠᠭᠤᠷᠴᠢᠨ ᠬᠠᠯᠢᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠠᠭᠤᠷᠴᠢᠨ ᠬᠠᠯᠢᠮᠤ
Killerwhales jumping.jpg
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠥᠬᠥᠲᠡᠨ
ᠪᠠᠭ: ᠬᠠᠯᠢᠮᠤ ᠬᠡᠯᠪᠡᠷᠢᠲᠡᠨ
ᠳᠡᠳ᠋ ᠪᠠᠭ: ᠰᠢᠳᠦᠲᠦ ᠬᠠᠯᠢᠮᠤ Odontoceti
ᠣᠪᠤᠭ: Delphinidae
ᠲᠥᠷᠥᠯ: Orcinus
ᠵᠦᠢᠯ: O. orca
ᠯᠠᠲ᠋ᠢᠨ ᠨᠡᠷ᠎ᠡ
Orcinus orca
ᠺᠠᠷᠯ ᠯᠢᠨᠡᠨᠢ᠂ 1758
ᠠᠯᠠᠭᠤᠷᠴᠢᠨ ᠬᠠᠯᠢᠮᠤ ᠶᠢᠨ ᠠᠮᠢᠳᠤᠷᠠᠬᠤ ᠪᠥᠰᠡ (ᠴᠡᠩᠬᠡᠷ)
ᠠᠯᠠᠭᠤᠷᠴᠢᠨ ᠬᠠᠯᠢᠮᠤ ᠶᠢᠨ ᠠᠮᠢᠳᠤᠷᠠᠬᠤ ᠪᠥᠰᠡ (ᠴᠡᠩᠬᠡᠷ)


ᠠᠯᠠᠭᠤᠷᠴᠢᠨ ᠬᠠᠯᠢᠮᠤ (Orcinus orca) ᠨᠢ ᠰᠢᠳᠦᠲᠦ ᠬᠠᠯᠢᠮᠤ ᠍ ᠤᠨ ᠳᠡᠳ᠋ ᠪᠠᠭ ᠤᠨ ᠬᠥᠬᠥᠲᠡᠨ ᠠᠮᠢᠲᠠᠨ ᠶᠤᠮ᠃ ᠬᠦᠢᠲᠡᠪᠲᠦᠷ ᠤᠰᠤᠨ ᠳᠤ ᠳᠤᠷᠠᠲᠠᠢ ᠴᠤ ᠳᠡᠯᠡᠬᠡᠢ ᠶᠢᠨ ᠪᠦᠬᠦᠢ ᠯᠠ ᠳᠠᠯᠠᠢ ᠳᠤ ᠲᠠᠷᠬᠠᠨ ᠠᠮᠢᠳᠤᠷᠠᠬᠤ ᠪᠠ ᠭᠠᠵᠠᠷ ᠤᠨ ᠳᠤᠮᠳᠠᠳᠤ ᠲᠡᠩᠭᠢᠰᠠᠷᠠᠪ ᠤᠨ ᠲᠡᠩᠭᠢᠰ ᠲᠤ ᠴᠤ ᠲᠠᠭᠠᠷᠠᠨ᠎ᠠ᠃ ᠢᠳᠡᠰᠢ ᠲᠡᠵᠢᠭᠡᠯ ᠪᠣᠯᠬᠤ ᠠᠮᠢᠲᠠᠳ ᠣᠯᠠᠨ ᠢᠶᠠᠷ ᠨᠢ ᠬᠣᠶᠢᠳᠤ ᠲᠤᠶᠢᠯ ᠤᠨ ᠣᠶᠢᠷᠠᠯᠴᠠᠭᠠᠬᠢ ᠳᠠᠯᠠᠢ ᠶᠢᠨ ᠪᠤᠯᠤᠩ᠂ ᠡᠷᠭᠢ ᠬᠠᠪᠢ  ᠪᠠᠷ ᠡᠯᠪᠡᠭ ᠠᠮᠢᠳᠤᠷᠠᠨ᠎ᠠ᠃

ᠠᠨᠠᠲ᠋ᠣᠮᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠨᠢᠷᠤᠭᠤᠨ ᠬᠡᠰᠡᠭ ᠨᠢ ᠬᠠᠷ᠎ᠠ᠂ ᠭᠡᠳᠡᠰᠦ ᠥᠶᠥᠬᠡᠢ ᠲᠠᠯ᠎ᠠ ᠨᠢ ᠴᠠᠭᠠᠨ , ᠮᠥᠨ ᠨᠢᠳᠦᠨ ᠦ ᠳᠡᠭᠡᠳᠦ ᠲᠠᠯ᠎ᠠ ᠳᠤ ᠴᠠᠭᠠᠨ ᠬᠡᠰᠡᠭ ᠲᠡᠢ᠃ ᠡᠷ᠎ᠡ ᠠᠯᠠᠭᠤᠷᠴᠢᠨ ᠬᠠᠯᠢᠮᠤ 6-8 ᠮ ᠤᠷᠲᠤ᠂ 6 ᠲᠣᠨ ᠵᠢᠩ ᠲᠡᠢ᠂ ᠡᠮ ᠨᠢ 5-7 ᠮ ᠤᠷᠲᠤ᠂ 3-4 ᠲᠣᠨ ᠵᠢᠩ ᠲᠡᠢ ᠪᠠᠶᠢᠨ᠎ᠠ᠃ ᠬᠠᠮᠤᠭ ᠤᠨ ᠲᠣᠮᠣ ᠠᠯᠠᠭᠤᠷᠴᠢᠨ ᠬᠠᠯᠢᠮᠤ 9.8 ᠮ ᠤᠷᠲᠤ᠂ 10 ᠲᠣᠨ ᠵᠢᠩ ᠲᠡᠢ ᠪᠠᠶᠢᠪᠠ᠃

ᠡᠨᠡ ᠬᠠᠯᠢᠮᠤ ᠨᠢ ᠨᠡᠯᠢᠶᠡᠳ ᠬᠥᠳᠡᠯᠭᠡᠭᠡᠨᠲᠡᠢ ᠠᠮᠢᠲᠠᠨ ᠪᠥᠭᠡᠳ ᠤᠰᠤᠨ ᠤ ᠮᠠᠨᠳᠠᠯ ᠠᠴᠠ ᠳᠡᠭᠡᠭᠰᠢ ᠦᠰᠦᠷᠦᠨ ᠴᠣᠶᠢᠯᠠᠬᠤ᠂ ᠲᠣᠯᠣᠭᠠᠢ ᠬᠡᠰᠡᠭ ᠢᠶᠡᠨ ᠤᠰᠤᠨ ᠠᠴᠠ ᠳᠡᠭᠡᠭᠰᠢ ᠭᠠᠷᠭᠠᠨ ᠣᠷᠴᠢᠨ ᠲᠣᠭᠣᠷᠢᠨ ᠢᠶᠠᠨ ᠠᠵᠢᠭᠯᠠᠬᠣ ᠭᠡᠬᠦ ᠮᠡᠲᠦ ᠣᠯᠠᠨ ᠶᠠᠩᠵᠤ ᠶᠢᠨ ᠦᠢᠯᠡᠳᠦᠯ ᠠᠵᠢᠭᠯᠠᠭᠳᠠᠭᠠᠳ ᠪᠠᠶᠢᠨ᠎ᠠ᠃ ᠬᠠᠮᠤᠭ ᠤᠨ ᠳᠡᠭᠡᠳᠦ ᠬᠤᠷᠳᠤ ᠨᠢ 82 ᠺᠢᠯᠣᠮᠧᠲ᠋ᠷ/ᠴᠠᠭ ᠰᠡᠯᠢᠬᠦ ᠪᠠ ᠡᠨᠡ ᠨᠢ ᠤᠰᠤᠨ ᠳᠣᠲᠣᠷᠠᠬᠢ ᠬᠥᠬᠥᠲᠡᠨ ᠠᠮᠢᠲᠠᠳ ᠤᠨ ᠳᠣᠲᠣᠷ᠎ᠠ ᠬᠠᠮᠤᠭ ᠤᠨ ᠬᠤᠷᠳᠤᠨ ᠳᠤ ᠲᠣᠭᠠᠴᠠᠭᠳᠠᠨ᠎ᠠ᠃ ᠮᠥᠨ ᠬᠣᠭᠣᠯᠠ ᠲᠡᠵᠢᠭᠡᠯ ᠬᠠᠶᠢᠨ ᠨᠢᠭᠡ ᠡᠳᠦᠷ ᠲᠦ 100 ᠺᠢᠯᠣᠮᠧᠲ᠋ᠷ ᠭᠠᠷᠤᠢ ᠵᠠᠢ ᠲᠤᠭᠤᠯᠬᠤ ᠨᠢ ᠪᠤᠢ᠃

ᠢᠳᠡᠰᠢ ᠲᠡᠵᠢᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠠᠭᠤᠷᠴᠢᠨ ᠬᠠᠯᠢᠮᠤ ᠨᠢ ᠮᠢᠬ᠎ᠠ ᠢᠳᠡᠰᠢᠲᠡᠨ ᠪᠥᠭᠡᠳ ᠪᠠᠶᠢᠭᠠᠯᠢ ᠳᠡᠭᠡᠷ᠎ᠡ ᠬᠦᠮᠦᠨ ᠡᠴᠡ ᠥᠭᠡᠷ᠎ᠡ ᠳᠠᠶᠢᠰᠤᠨ ᠦᠭᠡᠢ ᠭᠡᠭᠳᠡᠳᠡᠭ᠃ ᠶᠠᠩᠵᠤ ᠪᠦᠷᠢ ᠶᠢᠨ ᠲᠥᠷᠥᠯ ᠦᠨ ᠠᠮᠢᠲᠠᠨ ᠪᠠᠷᠢᠵᠤ ᠢᠳᠡᠬᠦ ᠴᠤ᠂ ᠬᠡᠷᠡᠭᠴᠡᠭᠡ ᠦᠭᠡᠢ ᠦᠶ᠎ᠡ ᠳᠦ ᠳᠠᠭᠠᠷᠢᠵᠤ ᠬᠣᠷᠣᠬᠤ ᠶᠠᠪᠤᠳᠠᠯ ᠦᠭᠡᠢ᠃ ᠭᠡᠪᠡᠴᠦ ᠳᠠᠯᠠᠢ ᠶᠢᠨ ᠬᠠᠪᠠ ᠵᠡᠷᠭᠡ ᠶᠢ ᠪᠠᠷᠢᠴᠢᠬᠠᠭᠠᠳ ᠤᠰᠤᠨ ᠤ ᠮᠠᠨᠳᠠᠯ ᠳᠡᠭᠡᠷ᠎ᠡ ᠴᠢᠯᠠᠭᠤᠳᠠᠨ᠂ ᠴᠣᠬᠢᠵᠤ ᠰᠢᠳᠡᠬᠦ ᠵᠡᠷᠭᠡ ᠪᠡᠷ ᠬᠡᠲᠦᠷᠬᠡᠢ ᠲᠠᠷᠴᠢᠯᠠᠭᠠᠬᠤ ᠶᠠᠪᠤᠳᠠᠯ ᠪᠠᠶᠢᠳᠠᠭ᠃ ᠭᠡᠬᠦ ᠳᠦ ᠪᠡᠨ ᠡᠨᠡ ᠨᠢ ᠦᠷ᠎ᠡ ᠵᠤᠯᠵᠠᠭᠠᠨ ᠳᠤ ᠪᠠᠨ ᠠᠶᠤᠯ ᠦᠭᠡᠢ ᠠᠩ ᠬᠢᠬᠦ ᠳᠠᠰᠬᠠᠯ ᠰᠤᠷᠭᠠᠭᠤᠯᠢ ᠬᠢᠯᠭᠡᠬᠦ ᠶᠢᠨ ᠲᠤᠯᠠᠳᠠ ᠮᠠᠭᠤᠵᠢᠷᠠᠭᠤᠯᠵᠤ ᠪᠠᠶᠢᠭ᠎ᠠ ᠬᠡᠮᠡᠭᠳᠡᠳᠡᠭ᠃ ᠳᠠᠯᠠᠢ ᠶᠢᠨ ᠡᠷᠭᠢ ᠳᠦ ᠪᠤᠢ ᠳᠠᠯᠠᠢ ᠶᠢᠨ ᠬᠠᠪᠠ᠂ ᠳᠠᠯᠠᠢ ᠶᠢᠨ ᠠᠷᠰᠯᠠᠨ ᠵᠡᠷᠭᠡ ᠶᠢ ᠪᠠᠷᠢᠬᠤ ᠦᠶ᠎ᠡ ᠳᠦ ᠡᠷᠭᠢ ᠤᠷᠤᠭᠤ ᠬᠡᠲᠦᠷᠬᠡᠢ ᠭᠠᠷᠤᠭᠠᠳ ᠳᠠᠯᠠᠶ ᠤᠷᠤᠭᠤ ᠪᠤᠴᠠᠵᠤ ᠴᠢᠳᠠᠯ ᠦᠭᠡᠢ ᠦᠬᠦᠬᠦ ᠲᠣᠬᠢᠶᠠᠯᠳᠤᠯ ᠪᠤᠢ᠃ ᠭᠡᠬᠦ ᠳᠦ ᠪᠡᠨ ᠡᠨᠡ ᠲᠤᠬᠠᠢ ᠨᠠᠷᠢᠨ ᠲᠣᠳᠣᠷᠬᠠᠢ ᠬᠠᠷᠢᠭᠤ ᠣᠯᠳᠠᠭ᠎ᠠ ᠦᠭᠡᠢ ᠪᠠᠶᠢᠨ᠎ᠠ᠃

ᠮᠥᠨ ᠠᠯᠠᠭᠤᠷᠴᠢᠨ ᠬᠠᠯᠢᠮᠤ ᠨᠢ ᠵᠢᠵᠢᠭ ᠵᠢᠭᠠᠰᠤ᠂ ᠤᠰᠤᠨ ᠤ ᠰᠢᠪᠠᠭᠤ᠂ ᠣᠴᠣᠩ ᠰᠢᠪᠠᠭᠤᠳᠠᠯᠠᠢ ᠶᠢᠨ ᠭᠠᠬᠠᠢᠴᠠᠭᠠᠨ ᠪᠠᠭᠠᠪᠠᠭᠠᠢᠲᠣᠯᠣᠨ ᠵᠢᠭᠠᠰᠤ (ᠠᠺᠦᠶᠢᠯ) ᠪᠤᠰᠤᠳ ᠲᠥᠷᠥᠯ ᠦᠨ ᠬᠠᠯᠢᠮᠤ ᠍ ᠢ ᠴᠤ ᠠᠪᠠᠯᠠᠳᠠᠭ ᠪᠠᠶᠢᠨ᠎ᠠ᠃ ᠠᠮᠠᠨ ᠳᠤ ᠪᠠᠨ ᠬᠢᠭᠰᠡᠨ ᠵᠢᠭᠠᠰᠤ ᠶᠢ ᠪᠤᠴᠠᠭᠠᠵᠤ ᠭᠠᠷᠭᠠᠨ ᠲᠡᠭᠦᠨ ᠢ ᠨᠢ ᠢᠳᠡᠬᠦ ᠪᠡᠷ ᠴᠤᠭᠯᠠᠭᠰᠠᠨ ᠴᠠᠬᠤᠯᠠᠢ ᠶᠢ ᠪᠠᠷᠢᠭᠰᠠᠨ ᠭᠡᠰᠡᠨ ᠮᠡᠳᠡᠭᠡᠯᠡᠯ ᠪᠤᠢ᠃ ᠪᠠᠰᠠ ᠳᠠᠯᠠᠢ ᠶᠢᠨ ᠭᠦᠨ  ᠳᠦ ᠣᠯᠳᠠᠭᠰᠠᠨ᠂ ᠦᠬᠦᠭᠰᠡᠨ ᠬᠠᠯᠢᠮᠤ ᠶᠢᠨ ᠰᠡᠭ ᠢᠳᠡᠵᠦ ᠪᠤᠢ ᠶᠢ ᠨᠢ ᠪᠢᠴᠢᠭᠰᠡᠨ ᠪᠢᠴᠢᠯᠭᠡ ᠪᠠᠶᠢᠳᠠᠭ᠃ ᠬᠡᠳᠦ ᠬᠡᠳᠦ ᠪᠡᠷ ᠨᠡᠶᠢᠯᠡᠭᠡᠳ ᠥᠪᠡᠷ ᠡᠴᠡ ᠪᠡᠨ ᠬᠠᠪᠢ ᠦᠭᠡᠢ ᠲᠣᠮᠣ ᠺᠠᠰᠢᠯᠣᠲᠬᠥᠬᠡ ᠰᠤᠳᠠᠯᠲᠤ ᠬᠠᠯᠢᠮᠤ ᠪᠠᠷᠢᠳᠠᠭ ᠪᠠᠶᠢᠨ᠎ᠠ᠃ ᠬᠠᠮᠤᠭ ᠤᠨ ᠳᠤᠷᠠᠲᠠᠢ ᠢᠳᠡᠰᠢ ᠨᠢ ᠬᠠᠯᠢᠮᠤᠨ ᠤ ᠬᠡᠯᠡ ᠪᠣᠯᠤᠨ ᠬᠣᠰᠢᠭᠤᠨ ᠬᠡᠰᠡᠭ ᠪᠥᠭᠡᠳ ᠪᠡᠶ᠎ᠡ ᠶᠢᠨ ᠪᠤᠰᠤᠳ ᠬᠡᠰᠡᠭ ᠢ ᠨᠢ ᠢᠳᠡᠯ ᠦᠭᠡᠢ ᠤᠷᠬᠢᠬᠤ ᠶᠠᠪᠤᠳᠠᠯ ᠪᠠᠶᠢᠳᠠᠭ᠃ ᠮᠥᠨ ᠥᠪᠡᠷ ᠲᠡᠢ ᠨᠢ ᠠᠳᠠᠯᠢ ᠮᠢᠬᠠᠴᠢᠨ ᠠᠪᠤᠷᠭᠤ ᠴᠠᠭᠠᠨ ᠵᠢᠭᠠᠰᠤ ᠶᠢ ᠴᠤ ᠳᠠᠭᠠᠷᠢᠳᠠᠭ ᠠᠵᠢ᠃ ᠬᠠᠷᠢᠨ ᠬᠦᠮᠦᠨ ᠤᠷᠤᠭᠤ ᠳᠠᠭᠠᠷᠢᠬᠤ ᠨᠢ ᠲᠤᠩ ᠬᠣᠪᠣᠷ᠂ ᠬᠡᠷᠪᠡ ᠳᠠᠭᠠᠷᠢᠭᠰᠠᠨ ᠲᠣᠬᠢᠶᠠᠯᠳᠤᠯ ᠳᠤ ᠬᠠᠷ᠎ᠠ ᠪᠠᠷᠠᠭᠠᠨ ᠱᠤᠮᠪᠠᠬᠤ ᠬᠤᠪᠴᠠᠰᠤ ᠲᠠᠢ ᠬᠦᠮᠦᠨ ᠢ ᠳᠠᠯᠠᠢ ᠶᠢᠨ ᠬᠠᠪᠤᠲᠠᠢ ᠠᠨᠳᠠᠭᠤᠷᠠᠭᠰᠠᠨ ᠭᠡᠭᠳᠡᠳᠡᠭ᠃ ᠰᠦᠷᠦᠭ ᠦᠨ ᠠᠯᠢ ᠨᠢᠭᠡᠨ ᠳᠦ ᠠᠶᠤᠯ᠂ ᠬᠣᠬᠢᠷᠠᠯ ᠤᠴᠠᠷᠠᠭᠤᠯᠪᠠᠯ ᠥᠰᠢᠶ᠎ᠡ ᠠᠪᠬᠤ ᠶᠠᠪᠤᠳᠠᠯ ᠪᠠᠶᠢᠳᠠᠭ ᠪᠠᠶᠢᠨ᠎ᠠ᠃ ᠪᠤᠰᠤᠳ ᠲᠣᠬᠢᠶᠠᠯᠳᠤᠯ ᠳᠤ ᠬᠦᠮᠦᠨ ᠢ ᠢᠳᠡᠰᠢ ᠲᠡᠵᠢᠭᠡᠯ ᠭᠡᠵᠦ ᠲᠣᠭᠤᠳᠠᠭ ᠦᠭᠡᠢ ᠬᠡᠮᠡᠨ ᠦᠵᠡᠳᠡᠭ᠃

ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠠᠭᠤᠷᠴᠢᠨ ᠬᠠᠯᠢᠮᠤ ᠭᠠᠭᠴᠠ ᠨᠢᠭᠡ ᠪᠡᠷ ᠢᠶᠡᠨ ᠡᠰᠡᠪᠡᠯ ᠬᠡᠳᠦ ᠬᠡᠳᠦ ᠪᠡᠷ ᠰᠦᠷᠦᠭᠯᠡᠨ ᠠᠮᠢᠳᠤᠷᠠᠨ᠎ᠠ᠃ ᠭᠣᠣᠯᠳᠠᠭᠤ ᠡᠬᠡ ᠨᠢ ᠲᠣᠯᠣᠭᠠᠶᠢᠯᠠᠨ ᠴᠢᠰᠤᠨ ᠬᠣᠯᠪᠣᠭ᠎ᠠ ᠲᠠᠢ ᠭᠡᠷ ᠪᠦᠯᠢ ᠪᠡᠷ ᠢᠶᠡᠨ ᠠᠮᠢᠳᠤᠷᠠᠬᠤ ᠨᠢ ᠡᠯᠪᠡᠭ᠃ ᠳᠥᠩᠭᠡᠵᠢ ᠲᠦᠷᠦᠭᠰᠡᠨ ᠵᠤᠯᠵᠠᠭᠠᠨ ᠳᠤ ᠪᠠᠨ ᠪᠦᠭᠦᠳᠡ ᠠᠩᠬᠠᠷᠤᠯ ᠬᠠᠯᠠᠮᠵᠢ ᠲᠠᠯᠪᠢᠳᠠᠭ ᠪᠠᠶᠢᠨ᠎ᠠ᠃ ᠵᠤᠯᠵᠠᠭ᠎ᠠ 2.4 ᠮ ᠤᠷᠲᠤ᠂ 180 ᠺᠢᠯᠣᠭ᠍ᠷᠠᠮ ᠵᠢᠩᠲᠡᠢ ᠲᠥᠷᠦᠳᠡᠭ᠃ ᠡᠬᠡ ᠨᠢ ᠬᠣᠭᠣᠯᠠ ᠲᠡᠵᠢᠭᠡᠯ ᠠᠪᠠᠯᠠᠬᠤ ᠪᠠᠷ ᠶᠠᠪᠤᠭᠰᠠᠨ ᠦᠶ᠎ᠡ ᠳᠦ ᠰᠦᠷᠦᠭ ᠦᠨ ᠪᠤᠰᠤᠳ ᠵᠠᠯᠠᠭᠤ ᠡᠮ᠎ᠡ ᠬᠠᠯᠢᠮᠤ ᠨᠤᠭᠤᠳ ᠵᠤᠯᠵᠠᠭ᠎ᠠ ᠶᠢ ᠬᠠᠷᠠᠳᠠᠭ ᠪᠠᠶᠢᠨ᠎ᠠ᠃ ᠮᠥᠨ ᠥᠪᠡᠷ ᠦᠨ ᠢᠶᠡᠨ ᠪᠠᠷᠢᠭᠰᠠᠨ ᠠᠩ ᠢ ᠪᠤᠰᠤᠳ ᠵᠠᠯᠠᠭᠤ ᠨᠢᠭᠡᠨ ᠳᠦ ᠪᠡᠨ ᠥᠭᠬᠦ᠂ ᠠᠩ ᠬᠢᠬᠦ ᠳᠠᠰᠬᠠᠯ ᠰᠤᠷᠭᠠᠭᠤᠯᠢ ᠬᠢᠯᠭᠡᠬᠦ ᠪᠡᠷ ᠵᠣᠷᠢᠭᠤᠳᠠ ᠲᠠᠯᠪᠢᠬᠤ ᠵᠡᠷᠭᠡ ᠶᠠᠪᠤᠳᠠᠯ ᠠᠵᠢᠭᠯᠠᠭᠳᠠᠭᠰᠠᠨ ᠪᠠᠶᠢᠨ᠎ᠠ᠃ ᠡᠨᠡ ᠦᠶ᠎ᠡ  ᠳᠦ  ᠪᠡᠨ ᠪᠠᠷᠢᠭᠰᠠᠨ ᠠᠩ ᠢᠶᠠᠨ ᠠᠯᠤᠯ ᠦᠭᠡᠢ ᠵᠢᠭᠠᠬᠤ ᠵᠦᠢᠯ ᠢᠶᠡᠨ ᠳᠠᠭᠤᠰᠬᠤ ᠳᠤ ᠲᠠᠯᠪᠢᠵᠤ ᠶᠠᠪᠤᠭᠤᠯᠬᠤ ᠦᠶ᠎ᠡ ᠪᠠᠰᠠ ᠪᠤᠢ᠃ ᠨᠢᠯᠬ᠎ᠠ ᠵᠤᠯᠵᠠᠭ᠎ᠠ ᠲᠠᠢ ᠰᠦᠷᠦᠭ ᠠᠭᠠᠵᠢᠮ ᠤᠳᠠᠭᠠᠨ ᠢᠶᠠᠷ ᠰᠡᠯᠡᠵᠦ ᠤᠷᠤᠭᠰᠢᠯᠠᠨ᠂ ᠤᠰᠤᠨ ᠳᠤ ᠱᠤᠮᠪᠠᠬᠤ ᠬᠤᠭᠤᠴᠠᠭ᠎ᠠ ᠨᠢ ᠴᠤ ᠪᠣᠭᠣᠨᠢ ᠪᠠᠶᠢᠳᠠᠭ᠃

ᠡᠮ᠎ᠡ ᠬᠠᠯᠢᠮᠤ 15 ᠨᠠᠰᠤ ᠬᠦᠷᠦᠭᠡᠳ ᠨᠠᠰᠤ ᠪᠡᠶ᠎ᠡ ᠭᠦᠢᠴᠡᠬᠦ ᠪᠠ 15-18 ᠰᠠᠷ᠎ᠠ ᠵᠤᠯᠵᠠᠭ᠎ᠠ ᠪᠠᠨ ᠲᠡᠭᠡᠳᠡᠭ᠃ ᠡᠷ᠎ᠡ ᠬᠠᠯᠢᠮᠤ ᠮᠥᠨ 15 ᠬᠦᠷᠦᠭᠡᠳ ᠨᠠᠰᠤ ᠪᠡᠶ᠎ᠡ ᠭᠦᠢᠴᠡᠳᠡᠭ ᠴᠤ ᠶᠡᠬᠡᠩᠬᠢ ᠳᠦ ᠪᠡᠨ 21 ᠬᠦᠷᠴᠦ ᠪᠠᠶᠢᠵᠤ ᠦᠷᠡᠵᠢᠯ ᠳᠤ ᠣᠷᠣᠳᠠᠭ ᠠᠵᠢ᠃ ᠡᠷ᠎ᠡ ᠬᠠᠯᠢᠮᠤ ᠳᠤᠮᠳᠠᠴᠢ ᠪᠠᠷ 30, ᠬᠠᠮᠤᠭ ᠤᠨ ᠤᠷᠳᠤ ᠪᠠᠨ 50 ᠨᠠᠰᠤᠯᠠᠬᠤ ᠪᠣᠯ ᠡᠮ᠎ᠡ ᠨᠢ 50 ᠣᠷᠴᠢᠮ᠂ ᠬᠠᠮᠤᠭ ᠤᠨ ᠤᠳᠠᠭᠠᠨ ᠳᠤ ᠪᠠᠨ 80 ᠬᠦᠷᠲᠡᠯ᠎ᠡ ᠨᠠᠰᠤᠯᠠᠳᠠᠭ᠃

ᠭᠠᠯᠯᠧᠷᠧᠢ[ᠵᠠᠰᠠᠪᠤᠷᠢᠯᠠᠬᠤ | ᠺᠣᠳ᠋ ᠢᠶᠠᠷ ᠵᠠᠰᠠᠬᠣ]


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Orcinus orca

ᠪᠢᠴᠢᠭᠡᠰᠦ