ᠠᠮᠪᠠᠭᠠᠢ ᠬᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠲᠠᠶᠢᠴᠢᠭᠤᠳ ᠍ ᠤᠨ ᠠᠮᠪᠠᠭᠠᠢ 1150 ᠣᠨ ᠤ ᠦᠶ᠎ᠡ ᠳᠦ ᠬᠠᠪᠤᠯ ᠬᠠᠨ ᠍ ᠢ ᠨᠠᠰᠤ ᠪᠠᠷᠠᠭᠰᠠᠨ ᠤ ᠳᠠᠷᠠᠭ᠎ᠠ ᠬᠠᠮᠤᠭ ᠮᠣᠩᠭᠣᠯ ᠍ ᠤᠨ ᠬᠠᠨ ᠪᠣᠯᠤᠨ ᠡᠷᠭᠦᠮᠵᠢᠯᠡᠭᠳᠡᠵᠡᠢ᠃ ᠲᠠᠶᠢᠴᠢᠭᠤᠳ ᠤᠨ ᠰᠡᠩᠭᠦᠨ ᠪᠢᠯᠢᠭ ᠦᠨ ᠬᠥᠪᠡᠭᠦᠨ᠃ ᠡᠴᠢᠭᠡ ᠰᠡᠩᠭᠦᠨ ᠪᠢᠯᠢᠭᠡ ᠨᠢ ᠴᠢᠷᠬᠠᠢ ᠯᠢᠩᠬᠤ᠎ᠠ ᠶᠢᠨ ᠬᠥᠪᠡᠭᠦᠨ ᠪᠢᠯᠡ᠃ ᠪᠣᠳᠣᠨᠴᠠᠷ ᠤᠨ ᠬᠥᠪᠡᠭᠦᠨ ᠬᠠᠪᠢᠴ ᠪᠠᠭᠠᠲᠤᠷ ᠤᠨ ᠤᠳᠤᠮ ᠶᠤᠮ᠃ ᠬᠠᠮᠤᠭ ᠮᠣᠩᠭᠣᠯ ᠤᠨ ᠬᠠᠨ ᠬᠠᠪᠤᠯ᠂ ᠠᠮᠪᠠᠭᠠᠢ ᠬᠣᠶᠠᠷ ᠨᠢᠭᠡ ᠶᠠᠰᠤᠨ ᠲᠥᠷᠥᠯ ᠦᠨ ᠬᠦᠮᠦᠰ ᠠᠵᠡᠢ᠃ ᠪᠣᠳᠣᠨᠴᠠᠷ ᠤᠨ ᠵᠢᠴᠢ ᠬᠦᠦ ᠬᠠᠶᠢᠳᠤ ᠶᠤᠮ᠃ ᠬᠠᠶᠢᠳᠤᠭ ᠤᠨ ᠵᠢᠴᠢ ᠬᠥᠪᠡᠭᠦᠳ ᠨᠢ ᠬᠠᠪᠤᠯ ᠬᠠᠨ᠂ ᠠᠮᠪᠠᠭᠠᠢ ᠬᠣᠶᠠᠷ ᠪᠣᠯᠤᠨ᠎ᠠ᠃ ᠬᠠᠪᠤᠯ ᠬᠠᠨ ᠤ ᠡᠪᠦᠭᠡ ᠡᠴᠢᠭᠡ ᠪᠠᠶᠢᠰᠢᠩᠬᠣᠷ᠂ ᠠᠮᠪᠠᠭᠠᠢ ᠶᠢᠨ ᠡᠪᠦᠭᠡ ᠡᠴᠢᠭᠡ ᠴᠢᠷᠬᠠᠢ ᠯᠢᠩᠬᠤ᠎ᠠ ᠬᠣᠶᠠᠷ ᠤᠨ ᠡᠴᠢᠭᠡ ᠨᠢ ᠬᠠᠶᠢᠳᠤ ᠶᠤᠮ᠃ ᠬᠠᠪᠤᠯ ᠬᠠᠨ ᠨᠠᠰᠤ ᠪᠠᠷᠠᠬᠤ ᠳᠤ ᠪᠠᠨ ᠬᠠᠨ ᠰᠠᠭᠤᠳᠠᠯ ᠢ ᠳᠣᠯᠣᠭᠠᠨ ᠬᠥᠪᠡᠭᠦᠨ ᠦ ᠪᠡᠨ ᠠᠯᠢ ᠨᠢᠭᠡᠨ ᠳᠦ ᠵᠠᠯᠭᠠᠮᠵᠢᠯᠠᠭᠤᠯᠤᠭᠰᠠᠨ ᠦᠭᠡᠢ᠂ ᠰᠡᠩᠭᠦᠨ ᠪᠢᠯᠢᠭ ᠦᠨ ᠬᠦᠦ ᠠᠮᠪᠠᠭᠠᠢ ᠶᠢ ᠬᠠᠮᠤᠭ ᠮᠣᠩᠭᠣᠯ ᠤᠨ ᠬᠠᠨ ᠪᠣᠯᠭᠠᠬᠤ ᠪᠠᠷ ᠨᠡᠷ᠎ᠡ ᠵᠠᠭᠠᠴᠠᠢ᠃ ᠠᠮᠪᠠᠭᠠᠢ ᠬᠠᠨ ᠢ ᠲᠠᠲ᠋ᠠᠷ ᠤᠳ ᠨᠠᠶᠢᠷᠠᠮᠳᠠᠯ ᠪᠠᠶᠢᠭᠤᠯᠬᠤ ᠨᠡᠷᠡᠶᠢᠳᠦᠯ ᠢᠶᠡᠷ ᠬᠠᠭᠤᠷᠠᠪᠠ᠃ ᠲᠡᠷᠡ ᠠᠷᠭ᠎ᠠ ᠳᠤ ᠨᠢ ᠠᠮᠪᠠᠭᠠᠢ ᠬᠠᠨ ᠣᠷᠣᠵᠤ ᠲᠠᠲ᠋ᠠᠷ ᠲᠠᠢ ᠤᠷᠤᠭ ᠪᠠᠷᠢᠯᠳᠤᠨ᠂ ᠣᠬᠢᠨ᠎ᠠ ᠪᠠᠨ ᠬᠦᠷᠭᠡᠵᠦ ᠣᠴᠢᠵᠠᠢ᠃ ᠲᠠᠲ᠋ᠠᠷ ᠤᠨ ᠠᠶᠢᠷᠠᠭ ᠤᠳ᠂ ᠪᠤᠶᠢᠷᠤᠭᠤᠳ ᠠᠶᠢᠮᠠᠭ ᠤᠨ ᠨᠢᠭᠤᠴᠠ ᠪᠠᠷ ᠪᠡᠯᠡᠳᠬᠡᠭᠰᠡᠨ ᠴᠡᠷᠢᠭ ᠠᠮᠪᠠᠭᠠᠢ ᠬᠠᠨ ᠢ ᠪᠠᠷᠢᠨ ᠠᠪᠴᠤ ᠠᠯᠲᠠᠨ ᠤᠯᠤᠰ ᠲᠤ ᠬᠦᠷᠭᠡᠭᠦᠯᠵᠡᠢ᠃ ᠠᠯᠲᠠᠨ ᠤᠯᠤᠰ ᠤᠨ ᠬᠠᠭᠠᠨ ᠣᠳᠣ ᠶᠢᠨ ᠪᠡᠭᠡᠵᠢᠩ ᠳᠦ ᠰᠠᠭᠤᠵᠤ ᠪᠠᠶᠢᠪᠠ᠃ ᠠᠮᠪᠠᠭᠠᠢ ᠬᠠᠨ ᠢ ᠮᠣᠳᠣᠨ ᠡᠯᠵᠢᠭᠡ ᠳᠦ ᠬᠠᠳᠤᠵᠤ ᠲᠠᠷᠴᠢᠯᠠᠭᠠᠨ ᠬᠣᠷᠢᠶᠠᠴᠠᠢ᠃ ᠨᠢᠭᠤᠴᠠ ᠲᠣᠪᠴᠢᠶᠠᠨ ᠳᠤ ᠳᠤᠷᠠᠳᠠᠰᠤᠨ ᠢᠶᠠᠷ ᠠᠮᠪᠠᠭᠠᠢ ᠬᠠᠨ ᠪᠡᠰᠦᠲᠤ ᠣᠪᠤᠭ ᠤᠨ ᠪᠠᠯᠬᠴᠢ ᠭᠡᠳᠡᠭ ᠬᠦᠮᠦᠨ ᠢ ᠡᠯᠴᠢ ᠪᠣᠯᠭᠠᠵᠤ ᠬᠠᠪᠤᠯ ᠬᠠᠨ ᠤ ᠳᠣᠯᠣᠭᠠᠨ ᠬᠥᠪᠡᠭᠦᠨ ᠦ ᠳᠤᠮᠳᠠᠬᠢ ᠬᠤᠲᠤᠯ᠂ ᠥᠪᠡᠷ ᠦᠨ ᠠᠷᠪᠠᠨ ᠬᠥᠪᠡᠭᠦᠨ ᠦ ᠳᠤᠮᠳᠠᠬᠢ ᠬᠠᠳᠠᠭᠠᠨ ᠲᠠᠶᠢᠰᠢ ᠳᠤ ᠣᠴᠢᠵᠤ ᠬᠠᠮᠤᠭ ᠤᠨ ᠬᠠᠨ᠂ ᠤᠯᠤᠰ ᠤᠨ ᠡᠵᠡᠨ ᠪᠠᠶᠢᠲᠠᠯ᠎ᠠ ᠣᠬᠢᠨ᠎ᠠ ᠪᠠᠨ ᠥᠪᠡᠷ ᠢᠶᠡᠨ ᠦᠳᠡᠵᠦ ᠬᠦᠷᠭᠡᠬᠦ ᠶᠢ ᠨᠠᠳᠠ ᠪᠠᠷ ᠴᠡᠭᠡᠷᠯᠡᠯ ᠪᠣᠯᠭᠠᠭᠲᠤᠨ᠂ ᠪᠢ ᠲᠠᠲ᠋ᠠᠷ ᠠᠶᠢᠮᠠᠭ ᠲᠤ ᠪᠠᠷᠢᠭᠳᠠᠪᠠ᠂ ᠲᠠᠪᠤᠨ ᠬᠤᠷᠤᠭᠤᠨ ᠤ ᠬᠢᠮᠤᠰᠤ ᠶᠢ ᠲᠠᠮᠲᠤᠷᠠᠲᠠᠯ᠎ᠠ᠂ ᠠᠷᠪᠠᠨ ᠬᠤᠷᠤᠭᠤ ᠶᠢ ᠪᠠᠨ ᠪᠠᠷᠠᠭᠳᠠᠲᠠᠯ᠎ᠠ ᠮᠢᠨᠦ ᠥᠰᠢᠶ᠎ᠡ ᠶᠢ ᠠᠪᠤᠭᠲᠤᠨ ᠭᠡᠵᠦ ᠵᠠᠬᠢᠭᠰᠠᠨ ᠪᠠᠶᠢᠳᠠᠭ᠃ ᠴᠢᠩᠭᠢᠰ ᠬᠠᠭᠠᠨ ᠲᠠᠲ᠋ᠠᠷ ᠠᠶᠢᠮᠠᠭ ᠢ ᠡᠵᠡᠯᠡᠭᠡᠳ ᠲᠡᠷᠭᠡᠨ ᠦ ᠪᠤᠯᠤ ᠳᠤ ᠴᠢᠴᠠᠤᠯᠠᠨ ᠬᠢᠳᠤᠬᠤ ᠳᠤ ᠪᠠᠨ ᠡᠷᠲᠡ ᠴᠠᠭ ᠠᠴᠠ ᠨᠠᠭᠠᠰᠢ ᠡᠴᠢᠭᠡ ᠡᠪᠦᠭᠡᠳ ᠢ ᠮᠢᠨᠢ ᠬᠣᠣᠷᠯᠠᠭᠰᠠᠨ ᠭᠡᠰᠡᠨ ᠰᠢᠯᠲᠠᠭᠠᠨ ᠬᠡᠯᠡᠳᠡᠭ ᠨᠢ ᠠᠮᠪᠠᠭᠠᠢ ᠬᠠᠨ᠂ ᠥᠪᠡᠷ ᠦᠨ ᠡᠴᠢᠭᠡ ᠶᠡᠰᠦᠭᠡᠢ ᠪᠠᠭᠠᠲᠤᠷ ᠨᠠᠷ ᠤᠨ ᠥᠰᠢᠶ᠎ᠡ ᠶᠢ ᠠᠪᠤᠭᠰᠠᠨ ᠬᠡᠷᠡᠭ ᠪᠣᠯᠵᠠᠢ᠃

ᠪᠢᠴᠢᠭᠡᠰᠦ