ᠠᠮᠧᠷᠢᠺᠠ ᠮᠠᠲᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠮᠧᠷᠢᠺᠠ ᠮᠠᠲᠠᠷ
Crocodylus acutus mexico 02-edit1.jpg
ᠬᠣᠪᠣᠷᠳᠠᠯᠲᠠ ᠶᠢᠨ ᠵᠡᠷᠭᠡᠯᠡᠯ
Status iucn2.3 VU.svg
ᠡᠮᠵᠡᠭ (ОУБХХ)
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠡᠪᠯᠡᠷ ᠶᠠᠪᠤᠭᠴᠢ
ᠪᠠᠭ: Crocodilia
ᠣᠪᠤᠭ: ᠮᠠᠲᠠᠷ ᠤᠨ ᠬᠢᠨ
ᠳᠡᠳ᠋ ᠣᠪᠤᠭ: Crocodylinae
ᠲᠥᠷᠥᠯ: Crocodylus
ᠵᠦᠢᠯ: C. acutus
ᠯᠠᠲ᠋ᠢᠨ ᠨᠡᠷ᠎ᠡ
Crocodylus acutus
(Cuvier, 1807)
ᠠᠮᠢᠳᠤᠷᠠᠬᠤ ᠪᠥᠰᠡ᠃
ᠠᠮᠢᠳᠤᠷᠠᠬᠤ ᠪᠥᠰᠡ᠃

ᠠᠮᠧᠷᠢᠺᠠ ᠮᠠᠲᠠᠷ (Crocodylus acutus) ᠨᠢ ᠶᠡᠷᠦᠩᠬᠡᠶᠢᠳᠡᠭᠡ ᠠᠮᠧᠷᠢᠺᠠ ᠲᠢᠪ ᠦᠨ ᠲᠥᠪ ᠬᠡᠰᠡᠭ ᠢᠶᠡᠷ ᠨᠤᠲᠤᠭᠯᠠᠨ᠎ᠠ᠃ ᠡᠨᠡᠬᠦ ᠮᠠᠲᠠᠷ ᠨᠢ ᠠᠮᠧᠷᠢᠺᠠ ᠲᠢᠪ ᠦᠨ 4 ᠵᠦᠢᠯ ᠮᠠᠲᠠᠷ ᠠᠴᠠ ᠬᠠᠮᠤᠭ ᠤᠨ ᠥᠷᠭᠡᠨ ᠲᠠᠷᠬᠠᠭᠰᠠᠨ ᠨᠢ ᠶᠤᠮ᠃ ᠪᠤᠰᠤᠳ ᠵᠦᠢᠯ ᠦᠨ ᠮᠠᠲᠠᠷ ᠤᠳ ᠲᠠᠢ ᠬᠠᠷᠢᠴᠠᠭᠤᠯᠬᠤ ᠳᠤ ᠲᠣᠮᠣ ᠪᠡᠶ᠎ᠡ ᠲᠡᠢ ᠪᠥᠭᠡᠳ 6.1 ᠮ ᠬᠦᠷᠡᠳᠡᠭ᠃ ᠠᠮᠧᠷᠢᠺᠠ ᠮᠠᠲᠠᠷ ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠦᠨ ᠹᠯᠣᠷᠢᠳᠠᠡᠯ᠎ᠡ ᠰᠠᠯᠢᠪᠠᠳᠣᠷᠺᠦᠪᠠᠬᠠᠶᠢᠲ᠋ᠢᠺᠣᠰᠲ᠋ᠠ ᠷᠢᠺᠠᠺᠣᠯᠤᠮᠪᠢᠶ ᠠᠢᠮᠠᠶᠢᠺᠠᠸᠧᠨᠧᠰᠤᠯᠫᠧᠷᠤᠭᠣᠩ ᠳᠤᠷᠠᠰᠨᠢᠺᠠᠷᠠᠭᠤᠸᠠᠫᠠᠨᠠᠮᠠᠳ᠋ᠣᠮᠢᠨᠢᠺᠠᠨᠭᠸᠠᠲ᠋ᠧᠮᠠᠯ ᠤᠯᠤᠰ ᠤᠨ ᠨᠤᠲᠤᠭ ᠲᠤ ᠲᠠᠭᠠᠷᠠᠨ᠎ᠠ᠃

ᠪᠡᠶ᠎ᠡ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠮᠠᠲᠠᠷ ᠨᠢ ᠤᠷᠲᠤ ᠬᠦᠴᠦᠷᠬᠡᠭ ᠰᠡᠭᠦᠯ᠂ ᠪᠣᠭᠣᠨᠢ 4 ᠬᠥᠯ᠂ ᠤᠷᠲᠤᠪᠲᠤᠷ ᠡᠷᠡᠦ ᠬᠣᠩᠰᠢᠶᠠᠷ ᠲᠠᠢ᠃ ᠬᠠᠮᠠᠷ᠂ ᠨᠢᠳᠦ᠂ ᠴᠢᠬᠢ ᠨᠢ ᠲᠣᠯᠣᠭᠠᠢ ᠶᠢᠨ ᠣᠷᠣᠢ ᠳᠡᠭᠡᠷ᠎ᠡ ᠪᠠᠶᠢᠷᠢᠯᠠᠬᠤ ᠲᠤᠯᠠ ᠪᠡᠶ᠎ᠡ ᠶᠢᠨ ᠪᠤᠰᠤᠳ ᠬᠡᠰᠡᠭ ᠢᠶᠡᠨ ᠤᠰᠤᠨ ᠳᠤ ᠳᠠᠯᠳᠠᠯᠠᠨ᠂ ᠣᠯᠵᠠᠨ ᠳᠤ ᠪᠠᠨ ᠳᠥᠬᠥᠵᠦ ᠣᠶᠢᠷᠠᠳᠤᠭᠠᠳ ᠭᠡᠨᠡᠳᠲᠡ ᠳᠣᠪᠲᠣᠯᠳᠠᠭ᠃ ᠲᠡᠳᠡ ᠬᠠᠭᠤᠷᠠᠢ ᠭᠠᠵᠠᠷ ᠭᠣᠣᠯ ᠲᠥᠯᠥᠪ ᠬᠡᠪᠡᠯᠢ ᠪᠡᠷ ᠭᠤᠯᠠᠰᠴᠤ ᠪᠤᠢ ᠮᠡᠲᠦ ᠮᠥᠯᠬᠥᠨ ᠶᠠᠪᠤᠬᠤ ᠴᠤ᠂ ᠵᠠᠷᠢᠮ ᠳᠤ ᠪᠠᠨ ᠪᠡᠶ᠎ᠡ ᠪᠡᠨ ᠭᠠᠵᠠᠷ ᠠᠴᠠ ᠬᠥᠨᠳᠡᠶᠢᠷᠡᠭᠦᠯᠦᠨ 4 ᠬᠥᠯ ᠳᠡᠭᠡᠷ᠎ᠡ ᠪᠡᠨ ᠭᠦᠶᠦᠵᠦ ᠴᠢᠳᠠᠬᠤ ᠪᠠ ᠲᠣᠮᠣᠬᠠᠨ ᠮᠠᠲᠠᠷ 16 ᠺᠢᠯᠣᠮᠧᠲ᠋ᠷ/ᠴ ᠬᠦᠷᠲᠡᠯ᠎ᠡ ᠬᠤᠷᠳᠤᠯᠠᠳᠠᠭ ᠪᠠᠶᠢᠨ᠎ᠠ᠃ ᠤᠰᠤᠨ ᠳᠤ ᠰᠡᠯᠡᠬᠦ ᠳᠦ ᠪᠡᠨ 32 ᠺᠢᠯᠣᠮᠧᠲ᠋ᠷ/ᠴ ᠬᠦᠷᠲᠡᠯ᠎ᠡ ᠬᠤᠷᠳᠤᠯᠠᠵᠤ ᠴᠢᠳᠠᠬᠤ ᠪᠣᠯᠪᠠᠴᠤ ᠤᠳᠠᠭᠠᠨ ᠦᠷᠭᠦᠯᠵᠢᠯᠡᠬᠦ ᠦᠭᠡᠢ᠃

ᠠᠮᠧᠷᠢᠺᠠ ᠮᠠᠲᠠᠷ ᠬᠦᠢᠲᠡᠨᠳᠡ ᠲᠡᠰᠪᠦᠷᠢ ᠮᠠᠭᠤ ᠲᠠᠢ ᠤᠴᠢᠷ ᠬᠣᠶᠢᠳᠤ ᠵᠦᠭ ᠲᠤ ᠬᠣᠯᠠ ᠲᠠᠷᠬᠠᠭ᠎ᠠ ᠦᠭᠡᠢ ᠭᠡᠭᠳᠡᠳᠡᠭ᠃

ᠬᠡᠮᠵᠢᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠥᠩᠭᠡᠵᠢ ᠥᠨᠳᠡᠭᠡᠨ ᠡᠴᠡ ᠬᠠᠭᠠᠷᠠᠭᠰᠠᠨ ᠮᠠᠲᠠᠷ ᠤᠨ ᠵᠤᠯᠵᠠᠭ᠎ᠠ 22 ᠰᠠᠨᠲ᠋ᠢᠮᠧᠲ᠋ᠷ ᠤᠷᠲᠤ᠂ 60 ᠭᠷᠦᠶᠢᠫ ᠵᠢᠩ ᠲᠡᠢ ᠪᠠᠶᠢᠳᠠᠭ᠃ ᠨᠠᠰᠤ ᠪᠡᠶ᠎ᠡ ᠭᠦᠢᠴᠡᠭᠰᠡᠨ ᠡᠷ᠎ᠡ ᠮᠠᠲᠠᠷ ᠳᠤᠮᠳᠠᠴᠢ ᠪᠠᠷ 4 ᠮ ᠤᠷᠲᠤ᠂ 382 ᠺᠢᠯᠣᠭ᠍ᠷᠠᠮ ᠪᠠ ᠡᠮ᠎ᠡ ᠨᠢ 3 ᠮ ᠤᠷᠲᠤ᠂ 173 ᠺᠢᠯᠣᠭ᠍ᠷᠠᠮ ᠵᠢᠩᠲᠡᠢ᠃

ᠺᠣᠰᠲ᠋ᠠ ᠷᠢᠺᠠ ᠳᠠᠬᠢ ᠲᠠᠷᠺᠣᠯ ᠡᠴᠡ ᠭᠣᠣᠯ ᠳᠤ 5-6 ᠮ ᠤᠷᠲᠤ ᠲᠣᠮᠣ ᠠᠮᠧᠷᠢᠺᠠ ᠮᠠᠲᠠᠷ ᠤᠳ ᠬᠡᠳᠦᠨ ᠠᠷᠪᠠ ᠪᠠᠷ ᠢᠶᠠᠨ ᠪᠠᠶᠢᠬᠤ ᠪᠠ ᠵᠢᠭᠤᠯᠴᠢᠳ ᠤᠨ ᠣᠴᠢᠵᠤ ᠦᠵᠡᠬᠦ ᠳᠤᠷᠠᠲᠠᠢ ᠭᠠᠵᠠᠷ ᠤᠨ ᠨᠢᠭᠡ ᠠᠵᠢ᠃

ᠢᠳᠡᠰᠢ ᠲᠡᠵᠢᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠰᠤᠳ ᠮᠠᠲᠠᠷ ᠤᠨ ᠠᠳᠠᠯᠢ ᠮᠢᠬ᠎ᠠ ᠢᠳᠡᠰᠢᠲᠡᠨ ᠪᠥᠭᠡᠳ ᠵᠢᠭᠠᠰᠤᠰᠢᠪᠠᠭᠤᠬᠥᠬᠥᠲᠡᠨᠶᠠᠰᠤᠲᠤ ᠮᠡᠯᠡᠬᠡᠢᠬᠠᠪᠴᠢᠬᠣᠷᠣᠬᠠᠢᠮᠡᠯᠡᠬᠡᠢᠳᠤᠩ ᠭᠡᠬᠦ ᠮᠡᠲᠦ ᠪᠡᠷ ᠬᠣᠭᠣᠯᠠᠯᠠᠳᠠᠭ᠃ ᠵᠠᠷᠢᠮ ᠳᠤ ᠪᠠᠨ ᠦᠬᠦᠭᠰᠡᠨ ᠠᠮᠢᠲᠠᠨ ᠤ ᠰᠡᠭ ᠢᠳᠡᠳᠡᠭ ᠪᠠᠶᠢᠨ᠎ᠠ᠃

ᠡᠨᠡ ᠵᠦᠢᠯ ᠦᠨ ᠨᠠᠰᠤ ᠪᠡᠶ᠎ᠡ ᠭᠦᠢᠴᠡᠭᠰᠡᠨ ᠡᠷ᠎ᠡ ᠮᠠᠲᠠᠷ ᠲᠤ ᠪᠠᠶᠢᠭᠠᠯᠢ ᠳᠡᠭᠡᠷ᠎ᠡ ᠬᠦᠮᠦᠨ ᠡᠴᠡ ᠥᠭᠡᠷ᠎ᠡ ᠳᠠᠶᠢᠰᠤᠨ ᠦᠭᠡᠢ ᠠᠵᠡᠢ᠃


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠵᠦᠢᠯ ᠳᠦ Crocodylus acutus ᠍ ᠲᠠᠢ ᠬᠣᠯᠪᠣᠭᠠᠲᠠᠢ ᠮᠡᠳᠡᠭᠡᠯᠡᠯ ᠪᠠᠶᠢᠨ᠎ᠠ᠃
Commons
Викимедиа дуу дүрсний сан: ᠠᠮᠧᠷᠢᠺᠠ ᠮᠠᠲᠠᠷ

ᠪᠢᠴᠢᠭᠡᠰᠦ