ᠠᠮᠧᠷᠢᠺᠠ ᠶᠢᠨ ᠨᠢᠭᠡᠳᠦᠭᠰᠡᠨ ᠤᠯᠤᠰ ᠤᠨ ᠹ-117 ᠣᠩᠭᠣᠴᠠ ᠶᠢ 1999 ᠣᠨ ᠳᠤ ᠰᠧᠷᠪ ᠦᠳ ᠤᠨᠠᠭᠠᠭᠰᠠᠨ ᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠰᠧᠷᠪᠢ ᠶᠢᠨ 250 ᠍ ᠳᠤᠭᠠᠷ ᠬᠣᠷᠢᠶᠠᠨ ᠤ ᠤᠰᠠᠳᠬᠠᠭᠰᠠᠨ ᠹ-117 "ᠦᠯᠦ ᠦᠵᠡᠭᠳᠡᠭᠴᠢ" ᠣᠩᠭᠣᠴᠠᠨ ᠤ ᠪᠦᠬᠡᠭᠡᠭᠡᠨ ᠦ ᠬᠡᠰᠡᠭ
ᠹ-117 "ᠦᠯᠦ ᠦᠵᠡᠭᠳᠡᠭᠴᠢ" ᠣᠩᠭᠣᠴᠠ

1999 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠲᠡᠷᠢᠭᠦᠲᠡᠢ North Atlantic Treaty Organization ᠍ ᠤᠨ ᠬᠦᠴᠦᠨ ᠬᠠᠭᠤᠴᠢᠨ ᠤ ᠶᠣᠭᠣᠰᠯᠠᠪ ᠤᠨ ᠤᠯᠤᠰ ᠤᠳ ᠤᠨ ᠢᠷᠭᠡᠨ ᠦ ᠳᠠᠶᠢᠨ ᠢ ᠵᠣᠭᠰᠣᠭᠠᠬᠤ ᠴᠡᠷᠢᠭ ᠦᠨ ᠲᠣᠮᠣᠬᠠᠨ ᠠᠵᠢᠯᠯᠠᠭᠠᠨ ᠤ ᠦᠶ᠎ᠡ ᠪᠡᠷ ᠴᠡᠷᠢᠭ ᠳᠠᠶᠢᠨ ᠤ ᠲᠡᠦᠬᠡᠨ ᠳᠦ ᠠᠩᠬ᠎ᠠ ᠤᠳᠠᠭ᠎ᠠ ᠰᠢᠨ᠎ᠡ ᠦᠯᠦ ᠦᠵᠦᠭ ᠲᠤ ᠬᠢ ᠲᠧᠭᠨᠣᠯᠣᠭ ᠲᠠᠢ ᠹ-117 ᠣᠩᠭᠣᠴᠠ ᠶᠢ 1960 ᠍ ᠊ᠭᠠᠳ ᠣᠨ ᠤ ᠬᠠᠭᠤᠴᠢᠨ ᠤ ᠵᠥᠪᠯᠡᠯᠲᠦ ᠬᠣᠯᠪᠣᠭᠠᠲᠤ ᠤᠯᠤᠰ ᠤᠨ ᠬᠢᠴᠡ ᠶᠢᠨ ᠠᠭᠠᠷ ᠤᠨ ᠡᠰᠡᠷᠭᠦᠴᠡᠭᠴᠢ ᠰᠥᠨᠦᠭᠡᠭᠴᠢ ᠫᠤᠤᠵᠢᠩ ᠢᠶᠠᠷ ᠤᠰᠠᠳᠬᠠᠬᠤ ᠲᠣᠬᠢᠶᠠᠯᠳᠤᠯ ᠭᠠᠷᠤᠭᠰᠠᠨ ᠶᠤᠮ᠃ ᠹ-117 ᠨᠢ ᠠᠩᠬ᠎ᠠ 1970 ᠍ ᠊ᠭᠠᠳ ᠣᠨ ᠠᠴᠠ ᠪᠦᠲᠦᠭᠡᠭᠳᠡᠵᠦ ᠡᠬᠢᠯᠡᠭᠰᠡᠨ 1983 ᠣᠨ ᠳᠤ ᠵᠡᠪᠰᠡᠭᠯᠡᠯ ᠳᠦ ᠣᠷᠣᠭᠰᠠᠨ ᠲᠤᠬᠠᠢ ᠶᠢᠨ ᠦᠶ᠎ᠡ ᠶᠢᠨ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠷᠢᠭᠦᠨ ᠦ ᠲᠦᠪᠰᠢᠨ ᠦ ᠵᠡᠪᠰᠡᠭᠯᠡᠯ ᠳᠦ ᠲᠣᠭᠠᠴᠠᠭᠳᠠᠵᠤ ᠪᠠᠶᠢᠴᠠᠢ᠃

1999 ᠣᠨ ᠤ 3 ᠰᠠᠷ᠎ᠠ ᠶᠢᠨ 27 ᠍ ᠳᠤ North Atlantic Treaty Organization ᠍ ᠤᠨ ᠣᠩᠭᠣᠴᠠ ᠨᠤᠭᠤᠳ ᠪᠧᠯᠷᠠᠳ᠋ ᠍ ᠤᠨ ᠣᠶᠢᠷᠠᠯᠴᠠᠭ᠎ᠠ ᠴᠢᠬᠤᠯᠠ ᠭᠠᠵᠠᠷ ᠤᠳ ᠢ ᠪᠥᠮᠪᠥᠭᠥ ᠳᠦ ᠬᠢ ᠠᠵᠢᠯᠯᠠᠭ᠎ᠠ ᠶᠠᠪᠤᠭᠤᠯᠬᠤ ᠦᠶ᠎ᠡ ᠳᠦ ᠰᠧᠷᠪᠢ ᠶᠢᠨ 250 ᠍ ᠳᠦᠭᠡᠷ ᠠᠭᠠᠷ ᠤᠨ ᠬᠠᠮᠠᠭᠠᠯᠠᠯᠲᠠ ᠶᠢᠨ ᠬᠣᠷᠢᠶᠠᠨ ᠳᠤ ᠴᠢᠬᠤᠯᠠ ᠣᠪᠢᠶᠧᠺᠲ ᠤᠳ ᠢ ᠬᠠᠮᠠᠭᠠᠯᠠᠬᠤ ᠡᠭᠦᠷᠭᠡ ᠣᠨᠣᠭᠳᠠᠵᠠᠢ᠃ ᠲᠤᠬᠠᠢ ᠶᠢᠨ ᠳᠠᠭᠠᠷᠢᠯᠲᠠ ᠶᠢᠨ ᠡᠮᠦᠨᠡᠬᠢ ᠨᠢ ᠰᠧᠷᠪ ᠦᠳ North Atlantic Treaty Organization ᠍ ᠤᠨ ᠵᠠᠷᠢᠮ ᠨᠢᠭᠤᠴᠠ ᠷᠠᠳᠢᠣ᠋ ᠬᠣᠯᠪᠣᠭ᠎ᠠ ᠶᠢ ᠵᠠᠮ ᠠᠴᠠ ᠨᠢ ᠪᠠᠷᠢᠵᠤ ᠲᠠᠶᠢᠯᠵᠤ ᠤᠩᠰᠢᠵᠤ ᠴᠢᠳᠠᠭᠰᠠᠨ ᠤᠴᠢᠷ 250 ᠍ ᠳᠦᠭᠡᠷ ᠬᠣᠷᠢᠶ᠎ᠠ ᠶᠢ ᠲᠤᠬᠠᠢ ᠶᠢᠨ ᠳᠠᠭᠠᠷᠢᠯᠲᠠ ᠶᠢᠨ ᠣᠶᠢᠷᠠᠯᠴᠠᠭ᠎ᠠ ᠪᠠᠶᠢᠷᠢᠯᠠᠭᠤᠯᠵᠤ ᠠᠮᠵᠢᠭ᠌ᠰᠠᠨ ᠪᠠᠶᠢᠪᠠ᠃ North Atlantic Treaty Organization ᠍ ᠤᠨ ᠲᠠᠯ᠎ᠠ ᠰ-125 ᠨᠸᠠ ᠰᠥᠨᠥᠭᠡᠭᠴᠢ ᠫᠤᠤᠵᠢᠩ ᠢᠶᠠᠷ ᠵᠡᠪᠰᠡᠭᠯᠡᠭᠰᠡᠨ ᠰᠧᠷᠪᠢ ᠶᠢᠨ ᠠᠭᠠᠷ ᠤᠨ ᠬᠠᠮᠠᠭᠠᠯᠠᠬᠤ ᠬᠦᠴᠦᠨ ᠢ ᠥᠪᠡᠷᠰᠦᠨ ᠳᠦ ᠨᠢ ᠠᠶᠤᠯ ᠪᠣᠯᠬᠤ ᠦᠭᠡᠢ ᠬᠣᠴᠣᠷᠤᠭᠳᠠᠭᠰᠠᠨ ᠳᠤ ᠲᠣᠭᠠᠴᠠᠵᠤ ᠪᠠᠶᠢᠪᠠ᠃

ᠰ-125 ᠠᠭᠠᠷ ᠤᠨ ᠡᠰᠡᠷᠭᠦᠴᠡᠭᠴᠢ ᠫᠤᠤᠵᠢᠩ ᠤᠨ ᠰᠢᠰᠲ᠋ᠧᠮ᠂ 2012 ᠣᠨ ᠳᠤ ᠰᠧᠷᠪᠢ ᠶᠢᠨ 250 ᠍ ᠳᠦᠭᠡᠷ ᠬᠣᠷᠢᠶᠠᠨ ᠤ ᠬᠢ ᠨᠢ ᠨᠡᠶᠢᠲᠡ ᠳᠦ ᠦᠵᠡᠭᠦᠯᠵᠦ ᠪᠠᠶᠢᠭ᠎ᠠ ᠨᠢ

ᠰᠧᠷᠪ ᠦᠳ ᠠᠮᠧᠷᠢᠺᠠ ᠶᠢᠨ ᠨᠢᠭᠡᠳᠦᠭᠰᠡᠨ ᠤᠯᠤᠰ ᠤᠨ ᠰᠢᠨ᠎ᠡ ᠰᠥᠨᠥᠭᠡᠭᠴᠢ ᠣᠩᠭᠣᠴᠠᠨ ᠨᠤᠭᠤᠳ ᠢ ᠢᠯᠡᠷᠡᠭᠦᠯᠬᠦ ᠶᠢᠨ ᠲᠤᠯᠠᠳᠠ ᠨᠡᠯᠢᠶᠡᠳ ᠭᠦᠢ ᠴᠢᠷᠮᠠᠶᠢᠯᠲᠠ ᠭᠠᠷᠭᠠᠵᠤ ᠬᠠᠭᠤᠴᠢᠨ ᠤ ᠣᠷᠣᠰ ᠷᠠᠳᠠᠷ ᠤᠳ ᠢᠶᠠᠨ ᠰᠠᠮᠨᠠᠬᠤ ᠳᠣᠯᠭᠢᠶᠠᠨ ᠢ ᠨᠢ ᠣᠯᠠᠨ ᠶᠠᠩᠵᠤ ᠶᠢᠨ ᠤᠷᠲᠤ ᠳᠤ ᠰᠢᠯᠵᠢᠭᠦᠯᠵᠦ ᠲᠤᠬᠠᠢ ᠶᠢᠨ ᠦᠶ᠎ᠡ ᠳᠦ ᠤᠷᠲᠤ ᠳᠣᠯᠭᠢᠶᠠᠨ ᠳᠡᠭᠡᠷ᠎ᠡ ᠲᠠᠯᠪᠢᠭᠰᠠᠨ ᠨᠢ ᠹ-117 ᠍ ᠤᠨ ᠷᠠᠳᠠᠷ ᠤᠨ ᠳᠣᠯᠭᠢᠶᠠᠨ ᠰᠠᠷᠨᠢᠭᠤᠯᠬᠤ ᠪᠦᠷᠬᠦᠭᠦᠯ ᠲᠡᠢ ᠪᠡᠶ᠎ᠡ ᠶᠢ ᠲᠠᠨᠢᠭᠰᠠᠨ ᠪᠠᠶᠢᠨ᠎ᠠ᠃ 3 ᠰᠠᠷ᠎ᠠ ᠶᠢᠨ 27 ᠍ ᠤ ᠣᠷᠣᠢ ᠬᠤᠷᠠᠨᠳᠠ ᠵᠣᠯᠲᠠᠨ ᠳᠠᠨᠢᠭ᠎ᠠ ᠶᠢᠨ ᠤᠳᠤᠷᠢᠳᠤᠭᠰᠠᠨ 250 ᠍ ᠳᠤᠭᠠᠷ ᠬᠣᠷᠢᠶᠠᠨ ᠤ 3 ᠍ ᠳᠤᠭᠠᠷ ᠠᠩᠭᠢ ᠶᠢᠨ ᠬᠠᠷᠢᠭᠤᠴᠠᠭᠰᠠᠨ ᠷᠠᠳᠠᠷ ᠤᠳ 50 ᠺᠢᠯᠣᠮᠧᠲ᠋ᠷ ᠵᠠᠶᠢᠨ ᠠᠴᠠ ᠣᠩᠭᠣᠴᠠᠨ ᠨᠤᠭᠤᠳ ᠢ ᠲᠠᠨᠢᠵᠤ ᠣᠩᠭᠣᠴᠠᠨ ᠤ ᠪᠥᠮᠪᠦᠭᠡᠨ ᠦ ᠬᠠᠪᠬᠠᠯᠠᠭ᠎ᠠ ᠣᠩᠭᠣᠶᠢᠬᠤ ᠳᠤ ᠪᠠᠶᠢᠭ ᠪᠥᠷᠢᠨ ᠲᠣᠭᠲᠠᠭᠠᠵᠤ 13 ᠺᠢᠯᠣᠮᠧᠲ᠋ᠷ ᠲᠤ ᠣᠶᠢᠷᠠᠳᠴᠤ ᠢᠷᠡᠭᠰᠡᠨ ᠹ-117 ᠍ ᠤᠳ ᠤᠨ ᠡᠰᠡᠷᠬᠦ ᠬᠡᠳᠦ ᠬᠡᠳᠦᠨ ᠰ-125 ᠫᠤᠤᠵᠢᠩ ᠤᠳ ᠢ ᠬᠠᠷᠪᠤᠵᠠᠢ᠃ 82-0806 ᠳ᠋ᠤᠭᠠᠷ ᠪᠦᠬᠦᠢ ᠹ-117 ᠣᠩᠭᠣᠴᠠ ᠫᠤᠤᠵᠢᠩ ᠳᠤ ᠣᠨᠣᠭᠳᠠᠵᠤ ᠠᠮᠧᠷᠢᠺᠠ ᠶᠢᠨ ᠨᠢᠰᠬᠡᠭᠴᠢ ᠳᠡᠳ᠋ ᠬᠤᠷᠠᠨᠳᠠ ᠳᠡᠶᠢᠯ ᠵᠡᠯᠺᠣ ᠣᠩᠭᠣᠴᠠᠨ ᠠᠴᠠ ᠪᠠᠨ ᠰᠢᠬᠦᠷ ᠢᠶᠡᠷ ᠪᠠᠭᠤᠴᠠᠢ᠃ ᠲᠤᠬᠠᠢ ᠶᠢᠨ ᠦᠶ᠎ᠡ ᠳᠦ ᠫᠤᠤᠵᠢᠩ ᠢ ᠬᠠᠷᠪᠤᠭᠰᠠᠨ ᠴᠡᠷᠢᠭ ᠳᠠᠷᠤᠭᠤᠨ ᠮᠠᠲ᠋ᠢᠴᠢ ᠶᠢᠨ 2009 ᠣᠨ ᠤ ᠶᠠᠷᠢᠯᠴᠠᠯᠭ᠎ᠠ ᠪᠠᠷ ᠲᠡᠳᠡ ᠪᠠᠶᠢᠭ 50-60 ᠺᠢᠯᠣᠮᠧᠲ᠋ᠷ ᠵᠠᠢ ᠳᠤ ᠢᠯᠡᠷᠡᠭᠦᠯᠵᠦ ᠷᠠᠳᠠᠷ ᠢᠶᠠᠨ ᠵᠥᠪᠬᠡᠨ 17 ᠰᠧᠺᠦᠶᠢᠨᠳ᠋ ᠠᠵᠢᠯᠯᠠᠭᠤᠯᠵᠤ ᠳᠠᠶᠢᠰᠤᠨ ᠳᠤ ᠲᠠᠨᠢᠭᠳᠠᠭᠤᠯᠬᠤ ᠦᠭᠡᠢ ᠶᠢᠨ ᠲᠤᠯᠠᠳᠠ ᠷᠠᠳᠠᠷ ᠤᠨ ᠰᠠᠮᠨᠠᠯᠲᠠ ᠪᠠᠨ ᠤᠨᠲᠠᠷᠠᠭᠠᠵᠤ ᠪᠠᠶᠢᠭ 13 ᠺᠢᠯᠣᠮᠧᠲ᠋ᠷ ᠵᠠᠢ ᠶᠢᠨ ᠳᠤ ᠪᠠᠶᠢᠬᠤ ᠳᠤ ᠨᠢ ᠫᠤᠤᠵᠢᠩᠭᠤ ᠳᠤ ᠪᠠᠨ ᠬᠠᠷᠪᠤᠵᠠᠢ ᠮᠥᠨ ᠺᠣᠮᠠᠨᠳ ᠤᠨ ᠪᠠᠶᠢᠷᠢ᠂ ᠷᠠᠳᠠᠷ᠂ ᠽᠧᠨᠢᠲ ᠦᠨ ᠪᠠᠲ᠋ᠠᠷᠧᠢ 3 ᠍ ᠶᠢᠨ ᠬᠣᠭᠣᠷᠣᠨᠳᠣ ᠭᠠᠵᠠᠷ ᠲᠤ ᠪᠤᠯᠠᠭᠰᠠᠨ ᠺᠠᠪᠧᠯ ᠢᠶᠠᠷ ᠬᠣᠯᠪᠣᠭ᠎ᠠ ᠪᠠᠷᠢᠭᠰᠠᠨ ᠨᠢ ᠷᠠᠳᠢᠣ᠋ ᠳᠣᠯᠭᠢᠶᠠᠨ ᠢ ᠨᠢ ᠰᠣᠨᠣᠰᠴᠤ ᠬᠠᠷᠢᠭᠤ ᠠᠷᠭ᠎ᠠ ᠬᠡᠮᠵᠢᠶ᠎ᠡ ᠠᠪᠬᠤ ᠪᠣᠯᠤᠯᠴᠠᠭ᠎ᠠ ᠶᠢ ᠠᠮᠧᠷᠢᠺᠠᠴᠤᠳ ᠲᠤ ᠣᠯᠭᠤᠭ᠎ᠠ ᠦᠭᠡᠢ ᠪᠠᠶᠢᠨ᠎ᠠ᠃

СНР-125 ᠷᠠᠳᠠᠷ

ᠠᠮᠧᠷᠢᠺᠠ ᠶᠢᠨ ᠨᠢᠰᠬᠡᠭᠴᠢ ᠭᠠᠵᠠᠷ ᠲᠤ ᠪᠠᠭᠤᠭᠠᠳ ᠨᠦᠬᠡᠨ ᠳᠦ ᠨᠢᠭᠤᠭᠳᠠᠵᠤ North Atlantic Treaty Organization ᠍ ᠤᠨ ᠠᠪᠤᠷᠠᠬᠤ ᠪᠠᠭ ᠢᠷᠡᠲᠡᠯ᠎ᠡ ᠨᠢᠭᠤᠭᠳᠠᠵᠤ ᠠᠪᠤᠷᠠᠭᠳᠠᠵᠠᠢ᠃ ᠳᠡᠳ᠋ ᠬᠤᠷᠠᠨᠳᠠ ᠳᠡᠶᠢᠯ ᠵᠡᠯᠺᠣᠭ ᠤᠨ ᠮᠡᠳᠡᠭᠳᠡᠰᠦᠨ ᠢᠶᠡᠷ 2 ᠫᠤᠤᠵᠢᠩ ᠣᠩᠭᠣᠴᠠᠨ ᠤ ᠥᠭᠡᠳᠡ ᠡᠴᠡ ᠣᠶᠢᠷᠠᠳᠴᠤ ᠨᠢᠭᠡ ᠨᠢ ᠪᠠᠶᠢᠭ ᠲᠠᠨᠢᠯ ᠦᠭᠡᠢ ᠵᠥᠷᠢᠵᠦ ᠨᠥᠭᠥᠭᠡ ᠨᠢ ᠣᠩᠭᠣᠴᠠ ᠶᠢ ᠣᠨᠣᠵᠤ ᠰᠥᠨᠥᠵᠡᠢ᠃ [1]

ᠣᠩᠭᠣᠴᠠᠨ ᠤ ᠵᠠᠷᠢᠮ ᠬᠡᠰᠡᠭ ᠢ ᠰᠧᠷᠪ ᠦᠳ ᠠᠪᠴᠤ ᠰᠢᠨᠵᠢᠯᠡᠵᠦ ᠵᠠᠷᠢᠮ ᠬᠡᠰᠡᠭ ᠢ ᠨᠢ ᠣᠷᠣᠰ ᠤᠨ ᠴᠡᠷᠢᠭ ᠦᠨ ᠬᠢᠨ ᠳᠦ ᠰᠢᠯᠵᠢᠭᠦᠯᠵᠦ ᠰᠢᠨ᠎ᠡ ᠦᠯᠦ ᠦᠵᠡᠭᠳᠡᠭᠴᠢ ᠲᠧᠭᠨᠣᠯᠣᠭ ᠤᠨ ᠨᠢᠭᠤᠴᠠ ᠵᠠᠳᠠᠷᠠᠭᠰᠠᠨ ᠪᠠᠶᠢᠨ᠎ᠠ᠃

250 ᠍ ᠳᠦᠭᠡᠷ ᠬᠣᠷᠢᠶᠠᠨ ᠤ ᠬᠢ ᠨᠢ 5 ᠍ ᠳᠤᠭᠠᠷ ᠰᠠᠷ᠎ᠠ ᠶᠢᠨ 2 ᠍ ᠳᠤ ᠮᠥᠨ ᠠᠮᠧᠷᠢᠺᠠ ᠶᠢᠨ ᠨᠢᠭᠡᠳᠦᠭᠰᠡᠨ ᠤᠯᠤᠰ ᠤᠨ ᠹ-16 ᠰᠥᠨᠦᠭᠡᠭᠴᠢ ᠣᠩᠭᠣᠴᠠ ᠶᠢ ᠤᠨᠠᠭᠠᠵᠠᠢ᠃ ᠨᠡᠶᠢᠲᠡ ᠳᠦ ᠪᠡᠨ ᠲᠤᠬᠠᠢ ᠶᠢᠨ ᠴᠡᠷᠢᠭ ᠦᠨ ᠠᠵᠢᠯᠯᠠᠭᠠᠨ ᠤ ᠦᠶ᠎ᠡ ᠪᠡᠷ ᠬᠡᠳᠦᠨ ᠠᠷᠪᠠᠨ ᠰ-125 ᠫᠤᠤᠵᠢᠩ ᠢ ᠰᠧᠷᠪ ᠦᠳ ᠬᠠᠷᠪᠤᠵᠤ North Atlantic Treaty Organization ᠍ ᠶᠢᠨ 2 ᠣᠩᠭᠣᠴᠠ ᠶᠢ ᠰᠥᠨᠦᠭᠡᠵᠦ ᠴᠢᠳᠠᠭᠰᠠᠨ ᠪᠠᠶᠢᠨ᠎ᠠ᠃

ᠰᠡᠭᠦᠯ ᠳᠦ 2010 ᠣᠨ ᠤ ᠦᠶ᠎ᠡ ᠳᠦ ᠴᠡᠷᠢᠭ ᠡᠴᠡ ᠬᠠᠯᠠᠭᠳᠠᠭᠠᠳ ᠲᠠᠯᠬᠠᠨ ᠤ ᠭᠠᠵᠠᠷ ᠠᠵᠢᠯᠯᠠᠭᠤᠯᠳᠠᠭ ᠪᠣᠯᠤᠭᠰᠠᠨ ᠵᠣᠯᠲᠠᠨ ᠳ᠋ᠠᠨᠮᠠᠷᠺ ᠪᠣᠯᠤᠨ ᠳᠡᠶᠢᠯ ᠵᠡᠯᠺᠣ ᠨᠠᠷ ᠠᠭᠤᠯᠵᠠᠵᠤ ᠨᠠᠶᠢᠵᠠ ᠨᠤᠭᠤᠳ ᠪᠣᠯᠵᠠᠢ᠃

ᠰ-125 ᠍ ᠤᠨ ᠡᠮᠦᠨᠡᠬᠢ ᠬᠤᠪᠢᠯᠪᠤᠷᠢ ᠰ-75 ᠨᠢ ᠸᠧᠲ᠋ᠨᠠᠮ ᠤᠨ ᠳᠠᠶᠢᠨ ᠤ ᠦᠶ᠎ᠡ ᠳᠦ ᠥᠷᠭᠡᠨ ᠬᠡᠷᠡᠭᠯᠡᠭᠳᠡᠵᠦ 1000 ᠭᠠᠷᠤᠢ ᠠᠮᠧᠷᠢᠺᠠ ᠶᠢᠨ ᠨᠢᠭᠡᠳᠦᠭᠰᠡᠨ ᠤᠯᠤᠰ ᠤᠨ ᠣᠩᠭᠣᠴᠠ ᠶᠢ 1960 ᠍ ᠊ᠭᠠᠳ ᠣᠨ ᠤ ᠳᠤᠮᠳᠠᠭᠤᠷ ᠤᠨᠠᠭᠠᠵᠠᠢ᠃

ᠪᠠᠷᠢᠮᠲᠠᠲᠤ ᠪᠢᠴᠢᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠪᠠᠷᠢᠮᠲᠠᠲᠤ ᠺᠢᠨᠣ᠋.
  2. ᠵᠣᠯᠲᠠᠨ ᠳ᠋ᠠᠨᠮᠠᠷᠺ ᠪᠣᠯᠤᠨ ᠳᠡᠶᠢᠯ ᠵᠡᠯᠺᠣ ᠨᠠᠷ ᠠᠭᠤᠯᠵᠠᠭᠰᠠᠨ ᠨᠢ᠃

ᠣᠷᠣᠯᠴᠠᠭᠰᠠᠨ ᠵᠡᠪᠰᠡᠭᠳᠤ ᠶᠢᠨ ᠲᠠᠨᠢᠯᠴᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠵᠡᠪᠰᠡᠭᠯᠡᠯ ᠳᠦ ᠰ-125[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠰ-125 ᠫᠧᠴᠢᠷᠠ ᠫᠤᠤᠵᠢᠩ ᠤᠨ ᠰᠢᠰᠲ᠋ᠧᠮ ᠦᠨ ᠢᠯᠡᠭᠦᠦ ᠰᠠᠶᠢᠵᠢᠷᠠᠭᠤᠯᠤᠭᠰᠠᠨ ᠬᠤᠪᠢᠯᠪᠤᠷᠢ ᠫᠧᠴᠢᠷᠠ-2 ᠮ ᠰᠢᠰᠲ᠋ᠧᠮ ᠲᠡᠢ᠃ ᠰᠢᠨᠡᠴᠢᠯᠡᠭᠰᠡᠨ ᠰ-125 ᠨᠢ ᠳᠤᠮᠳᠠ ᠲᠤᠰᠬᠠᠯ ᠤᠨ ᠰᠥᠨᠥᠭᠡᠭᠴᠢ ᠫᠤᠤᠵᠢᠩ ᠢ (500-800 ᠺᠢᠯᠣᠮᠧᠲ᠋ᠷ ᠳᠦ ᠬᠠᠷᠪᠤᠳᠠᠭ) ᠠᠮᠠᠳᠠᠨ ᠤᠰᠠᠳᠬᠠᠬᠤ ᠴᠢᠳᠠᠪᠤᠷᠢ ᠲᠠᠢ ᠶᠤᠮ᠃ ᠰ-125 ᠍ ᠤᠨ ᠪᠠᠶᠢᠭ ᠤᠰᠠᠳᠬᠠᠬᠤ ᠮᠠᠭᠠᠳᠯᠠᠯ 0,6 ᠪᠠᠶᠢᠳᠠᠭ ᠰᠢᠨᠡᠴᠢᠯᠡᠭᠰᠡᠨ ᠬᠤᠪᠢᠯᠪᠤᠷᠢ ᠨᠢ ᠮᠠᠭᠠᠳᠯᠠᠯ ᠢ ᠢᠯᠡᠭᠦᠦ ᠰᠠᠶᠢᠵᠢᠷᠠᠭᠤᠯᠤᠭᠰᠠᠨ ᠪᠠᠶᠢᠳᠠᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ