ᠠᠮᠧᠷᠢᠺᠠ ᠶᠢᠨ ᠨᠢᠭᠡᠳᠦᠭᠰᠡᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠠᠮᠧᠷᠢᠺᠠ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

<tr class="mergedbottomrow"> <td colspan="2" style="vertical-align:middle; white-space:nowrap;">ᠦᠨᠳᠦᠰᠦᠨ ᠬᠡᠯᠡ</td> <td>ᠠᠩᠭᠯᠢ ᠬᠡᠯᠡ2</small></td> </tr><tr> <td colspan="2">ᠠᠷᠠᠳ ᠲᠦᠮᠡᠨ </td> <td>72.4% - ᠴᠠᠭᠠᠨ ᠠᠷᠠᠰᠤᠲᠠᠨ
12.6% - ᠬᠠᠷ᠎ᠠ ᠠᠷᠠᠰᠤᠲᠠᠨ
15.0% - ᠪᠤᠰᠤ ᠠᠷᠠᠰᠤᠲᠠᠨ</td> </tr><tr> <td colspan="2">ᠣᠯᠠᠨ ᠲᠦᠮᠡᠨ</td> <td>ᠠᠮᠧᠷᠢᠺᠠ ᠶᠢᠨ ᠬᠢᠨ </td> </tr><tr> <th colspan="2">ᠲᠥᠷᠥ ᠵᠠᠰᠠᠭ</th> <td>ᠠᠷᠠᠳᠴᠢᠯᠠᠭᠰᠠᠨ ᠳᠢᠭᠯᠢᠮᠬᠣᠯᠪᠣᠭᠠᠨ ᠤ
ᠪᠠᠶᠢᠭᠤᠯᠤᠮᠵᠢ
᠂ ᠶᠡᠷᠦᠩᠬᠡᠶᠢᠯᠡᠭᠴᠢ ᠶᠢᠨ
ᠪᠦᠭᠦᠳᠡ ᠨᠠᠶᠢᠷᠠᠮᠳᠠᠬᠤ ᠵᠠᠰᠠᠭᠲᠠᠢ</td> </tr><tr class="mergedrow"> <td style="width:1em; padding:0 0 0 0.6em;"> - </td> <td style="padding-left:0em;">ᠶᠡᠷᠦᠩᠬᠡᠶᠢᠯᠡᠭᠴᠢ</td> <td>ᠪᠠᠷᠠᠺ ᠣᠪᠠᠮᠠ</td> </tr><tr class="mergedbottomrow"> <td style="width:1em; padding:0 0 0 0.6em;"> - </td> <td style="padding-left:0em;">ᠳᠡᠳ᠋ ᠶᠡᠷᠦᠩᠬᠡᠶᠢᠯᠡᠭᠴᠢ</td> <td>ᠵᠣ ᠪᠠᠶᠢᠳᠧᠨ</td> </tr><tr> <th colspan="2">ᠤᠯᠤᠰ ᠤᠨ ᠬᠤᠷᠠᠯ</th> <td>ᠺᠣᠩᠷᠧᠰ → «ᠶᠡᠬᠡ ᠬᠤᠷᠠᠯ»</td> </tr><tr class="mergedrow"> <td style="width:1em; padding:0 0 0 0.6em;"> - </td> <td style="padding-left:0em;">ᠳᠡᠭᠡᠳᠦ ᠲᠠᠩᠬᠢᠮ</td> <td>ᠰᠧᠨᠠᠲ → «ᠴᠢᠭᠤᠯᠭᠠᠨ»</td> </tr><tr class="mergedbottomrow"> <td style="width:1em; padding:0 0 0 0.6em;"> - </td> <td style="padding-left:0em;">ᠳᠣᠣᠷᠠᠳᠣ ᠲᠠᠩᠬᠢᠮ</td> <td>«ᠲᠥᠯᠥᠭᠡᠯᠡᠭᠴᠢᠳ ᠦᠨ ᠲᠠᠩᠬᠢᠮ»</td> </tr><tr class="mergedtoprow"><th colspan="3">ᠲᠡᠦᠬᠡ</th></tr><tr class="mergedrow"> <td style="width:1em; padding:0 0 0 0.6em;"> - </td> <td style="padding-left:0em;">1776-07-04</td> <td>ᠪᠷᠢᠲ᠋ᠠᠨ(ᠠᠩᠭᠯᠢ)ᠠᠰ ᠲᠤᠰᠠᠭᠠᠷ ᠲᠣᠭᠲᠠᠨᠢᠭᠰᠠᠨ </td> </tr><tr class="mergedrow"> <td style="width:1em; padding:0 0 0 0.6em;"> - </td> <td style="padding-left:0em;">1783-09-03</td> <td>ᠪᠷᠢᠲ᠋ᠠᠨ(ᠠᠩᠭᠯᠢ) ᠬᠦᠯᠢᠶᠡᠨ ᠵᠥᠪᠰᠢᠶᠡᠷᠡᠭᠰᠡᠨ </td> </tr><tr class="mergedbottomrow"> <td style="width:1em; padding:0 0 0 0.6em;"> - </td> <td style="padding-left:0em;">1788-06-21</td> <td>ᠣᠳᠣᠨ ᠤ ᠦᠨᠳᠦᠰᠦᠨ ᠬᠠᠤᠯᠢ </td> </tr><tr class="mergedtoprow"> <th colspan="3">ᠨᠤᠲᠤᠭ ᠳᠡᠪᠢᠰᠬᠡᠷ</th> </tr> <tr class="mergedrow"> <td style="width:1em; padding:0 0 0 0.6em;"> - </td> <td style="padding-left:0em;">ᠪᠦᠬᠦ ᠲᠠᠯᠠᠪᠠᠢ</td> <td>9,826,675 km2 (3)<tr class="mergedrow"> <td style="width:1em; padding:0 0 0 0.6em;"> - </td> <td style="padding-left:0em;">ᠭᠠᠳᠠᠷᠭᠤ ᠶᠢᠨ ᠤᠰᠤ (%)</td> <td>6.76</td> </tr><tr class="mergedtoprow"> <th colspan="3">ᠬᠦᠮᠦᠨ ᠠᠮᠠ</th> </tr><tr class="mergedrow"> <td style="width:1em; padding:0 0 0 0.6em;"> - </td> <td style="padding-left:0em;">ᠲᠣᠭᠠᠴᠠᠭ᠎ᠠ (2011)</td> <td>312,670,000[1] (3)</td> </tr><tr class="mergedbottomrow"> <td style="width:1em; padding:0 0 0 0.6em;"> - </td> <td style="padding-left:0em;">ᠨᠢᠭᠲᠠᠴᠠ ᠰᠡᠶᠢᠷᠡᠭ</td> <td>33.7 ᠬᠦᠮᠦᠨ/km2 <tr class="mergedtoprow"> <td colspan="2">GDP (ХАЧТ)</td> <td>2011 ᠣᠨ ᠤ ᠲᠣᠭᠠᠴᠠᠭ᠎ᠠ</td> </tr> <tr class="mergedrow"> <td style="width:1em; padding:0 0 0 0.6em;"> - </td> <td style="padding-left:0em;">ᠨᠡᠶᠢᠲᠡ ᠳ᠋ᠦᠩ</td> <td>$15.065 ᠶᠡᠬᠡ ᠨᠠᠶᠤᠳ[2] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 1  ᠳᠦ</td> </tr><tr class="mergedbottomrow"> <td style="width:1em; padding:0 0 0 0.6em;"> - </td> <td style="padding-left:0em;">ᠨᠢᠭᠡ ᠬᠦᠨᠳᠦ</td> <td>$48,147[2] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ8 ᠳᠦ</td> </tr><tr class="mergedtoprow"> <td colspan="2">GDP (ᠨᠡᠷᠡᠯᠡᠭᠰᠡᠨ)</td> <td>2011 ᠣᠨ ᠤ ᠲᠣᠭᠠᠴᠠᠭ᠎ᠠ</td> </tr> <tr class="mergedrow"> <td style="width:1em; padding:0 0 0 0.6em;"> - </td> <td style="padding-left:0em;">ᠨᠡᠶᠢᠲᠡ ᠳ᠋ᠦᠩ</td> <td>$15.065 ᠶᠡᠬᠡ ᠨᠠᠶᠤᠳ[2]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ1 ᠳᠦ</td> </tr><tr class="mergedbottomrow"> <td style="width:1em; padding:0 0 0 0.6em;"> - </td> <td style="padding-left:0em;">ᠨᠢᠭᠡ ᠬᠦᠨᠳᠦ</td> <td>$48,147[2] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ15]])</td> </tr><tr> <td colspan="2">Gini (2007)</td> <td>45.0 (39)</td> </tr><tr> <td colspan="2">ᠬᠡᠦᠬᠡᠳ ᠦᠨ ᠬᠥᠭᠵᠢᠯ ᠦᠨ ᠢᠨᠳᠧᠺᠰ (2011)</td> <td> 0.910[3] (ᠣᠨᠴᠠ ᠰᠠᠶᠢᠨ) (4)</td> </tr><tr> <th colspan="2" style="vertical-align:middle;">ᠮᠥᠩᠭᠥᠨ ᠦ ᠨᠢᠭᠡᠴᠡ</th> <td>ᠠᠮᠧᠷᠢᠺᠠ ᠳ᠋ᠣᠯᠯᠠᠷ ($) (USD) </td> </tr><tr> <th colspan="2">ᠳ᠋ᠦᠮᠠᠢᠨ ᠤ ᠨᠡᠷ᠎ᠡ</th> <td>.us .gov .mil .edu</td> </tr><tr> <th colspan="2">ᠤᠲᠠᠰᠤᠨ ᠤ ᠲᠣᠮᠢᠶ᠎ᠠ</th> <td>+1</td> </tr><tr> <td colspan="3">1ᠶᠠᠩᠵᠤ ᠪᠦᠷᠢ ᠲᠠᠶᠢᠯᠪᠤᠷᠢ ᠲᠠᠢ ᠴᠤ ᠳᠣᠣᠷ᠎ᠠ ᠬᠠᠶᠠᠵᠤ 28 ᠮᠤᠵᠢ ᠤᠯᠤᠰ ᠤᠨ ᠠᠯᠪᠠᠨ ᠶᠣᠰᠣᠨ ᠤ ᠬᠡᠯᠡ ᠨᠢ ᠠᠩᠭᠯᠢ ᠬᠡᠯᠡ᠃ ᠬᠠᠷᠢᠨ ᠬᠠᠸᠠᠶᠢ ᠳᠤ ᠠᠩᠭᠯᠢ ᠬᠡᠯᠡ ᠲᠡᠢ ᠬᠠᠮᠲᠤ ᠬᠠᠸᠠᠶᠢ ᠬᠡᠯᠡ ᠠᠯᠪᠠᠨ ᠶᠣᠰᠣᠨ ᠤ ᠬᠡᠯᠡ ᠪᠣᠯᠤᠨ᠎ᠠ᠃ </br>2ᠠᠩᠭᠯᠢ ᠬᠡᠯᠡ ᠨᠢ ᠢᠷᠭᠡᠳ ᠦᠨ 80% ᠍ ᠶᠢᠨ ᠲᠥᠷᠥᠯᠬᠢ ᠬᠡᠯᠡ᠂ ᠪᠠᠰᠠ ᠲᠥᠷᠥ ᠶᠢᠨ ᠬᠠᠷᠢᠯᠴᠠᠭᠠᠨ ᠤ ᠬᠡᠯᠡ᠃ ᠲᠠᠷᠠᠭᠠᠬᠢ ᠬᠠᠮᠤᠭ ᠤᠨ ᠣᠯᠠᠨ ᠶᠠᠷᠢᠯᠴᠠᠭᠴᠢ ᠲᠠᠢ ᠬᠡᠯᠡ ᠪᠣᠯ ᠢᠰᠫᠠᠨᠢ ᠬᠡᠯᠡ ᠶᠤᠮ᠃</td> </tr></table> ᠠᠮᠧᠷᠢᠺᠠ ᠤᠯᠤᠰ ᠪᠤᠶᠤ ᠪᠦᠲᠦᠨ ᠢᠶᠡᠷ ᠬᠡᠯᠡᠪᠡᠯ ᠠᠮᠧᠷᠢᠺᠠ ᠶᠢᠨ ᠨᠢᠭᠡᠳᠦᠭᠰᠡᠨ ᠤᠯᠤᠰ (ᠲᠣᠪᠴᠢ ᠪᠠᠷ ᠠᠮᠧᠷᠢᠺᠠ ᠶᠢᠨ ᠨᠢᠭᠡᠳᠦᠭᠰᠡᠨ ᠤᠯᠤᠰ; ᠠᠩᠭᠯᠢ ᠪᠠᠷ United States of America) ᠤᠮᠠᠷᠠᠳᠤ ᠠᠮᠧᠷᠢᠺᠠ ᠲᠢᠪ ᠲᠦ ᠣᠷᠣᠰᠢᠳᠠᠭ᠃ ᠬᠣᠶᠢᠳᠤ ᠲᠠᠯ᠎ᠠ ᠪᠠᠷ ᠢᠶᠠᠨ ᠺᠠᠨᠠᠳᠠ᠂ ᠤᠷᠢᠳᠤ ᠲᠠᠯ᠎ᠠ ᠪᠠᠷ ᠢᠶᠠᠨ ᠮᠧᠺᠰᠢᠺᠦ ᠤᠯᠤᠰ ᠲᠠᠢ ᠬᠢᠯᠢᠯᠡᠬᠦ ᠪᠥᠭᠡᠳ ᠵᠡᠭᠦᠨ ᠵᠦᠭ ᠲᠤ ᠠᠲ᠋ᠯᠠᠨᠲ ᠤᠨ ᠳᠠᠯᠠᠢ᠂ ᠪᠠᠷᠠᠭᠤᠨ ᠵᠦᠭ ᠲᠤ ᠨᠣᠮᠣᠬᠠᠨ ᠳᠠᠯᠠᠢ᠂ ᠤᠷᠳᠤ ᠵᠦᠭ ᠲᠤ ᠮᠸᠺᠰᠢᠺᠣ ᠶᠢᠨ ᠪᠣᠯᠣᠩ ᠬᠦᠷᠳᠡᠭ᠃ 50 ᠮᠤᠵᠢ ᠤᠯᠤᠰ ᠪᠣᠯᠤᠨ ᠺᠣᠯᠤᠮᠪᠢᠶ ᠠ ᠶᠢᠨ ᠲᠣᠭᠣᠷᠢᠭ ᠠᠴᠠ ᠪᠦᠷᠢᠳᠦᠭᠰᠡᠨ ᠬᠣᠯᠪᠣᠭᠠᠨ ᠤᠪᠦᠭᠦᠳᠡ ᠨᠠᠶᠢᠷᠠᠮᠳᠠᠬᠤ ᠤᠯᠤᠰ ᠶᠤᠮ᠃ ᠠᠯᠠᠰᠺᠠᠬᠠᠸᠠᠶᠢᠫᠦ᠋ᠷᠲ᠋ᠣ-ᠷᠢᠺᠣ ᠵᠡᠷᠭᠡ ᠲᠤᠰ ᠲᠤ ᠪᠠᠨ ᠤᠷᠤᠰᠢᠬᠤ ᠨᠤᠲᠤᠭ ᠲᠠᠢ᠃ 9.6 ᠰᠠᠶ᠎ᠠ km² ᠭᠠᠵᠠᠷ ᠲᠤ (ᠳᠡᠯᠡᠬᠡᠢ ᠳᠦ 4 ᠍ ᠳᠦᠭᠡᠷ ᠪᠠᠶᠢᠷᠢ) 3.13 ᠳ᠋ᠦᠩᠰᠢᠭᠤᠷ ᠬᠦᠮᠦᠨ (3 ᠍ ᠳᠦᠭᠡᠷ ᠣᠯᠠᠨ) ᠠᠵᠤ ᠲᠥᠷᠦᠵᠦ ᠪᠠᠶᠢᠨ᠎ᠠ᠃ ᠭᠠᠵᠠᠷ ᠤᠨ ᠭᠠᠳᠠᠷᠭᠤ᠂ ᠠᠭᠤᠷ ᠠᠮᠢᠰᠬᠤᠯ ᠣᠯᠠᠨ ᠶᠠᠩᠵᠤ᠂ ᠨᠡᠶᠢᠰᠯᠡᠯ ᠨᠢ ᠸᠠᠰᠢᠩᠲ᠋ᠣᠨᠢᠨᠳᠢᠶᠠᠨᠴᠦᠳ ᠤᠨ ᠡᠪᠦᠭᠡ ᠲᠡᠭᠡᠳᠦᠰ ᠣᠳᠣ ᠠᠴᠠ 15.000 ᠵᠢᠯ ᠦᠨ ᠡᠮᠦᠨ᠎ᠡ ᠠᠮᠧᠷᠢᠺᠠ ᠳᠤ ᠢᠷᠡᠭᠰᠡᠨ ᠪᠥᠭᠡᠳ ᠧᠦ᠋ᠷᠣᠫᠠ ᠶᠢᠨ ᠺᠣᠯᠣᠨᠢᠴᠢᠯᠠᠯ 16 ᠍ ᠳᠦᠭᠡᠷ ᠵᠠᠭᠤᠨ ᠠᠴᠠ ᠡᠬᠢᠯᠡᠭᠰᠡᠨ᠃ ᠠᠲᠯᠠᠨ᠋ᠲ ᠤᠨ ᠡᠷᠭᠢ ᠪᠡᠷ ᠪᠷᠢᠲ᠋ᠠᠨ(ᠠᠩᠭᠯᠢ) ᠶᠢᠨ 13 ᠺᠣᠯᠣᠨᠢ ᠭᠡᠵᠦ ᠪᠠᠶᠢᠪᠠ᠃ ᠺᠣᠯᠣᠨᠢ ᠶᠢᠨ ᠠᠷᠠᠳ ᠲᠦᠮᠡᠨ ᠳᠠᠯᠠᠢ ᠶᠢᠨ ᠴᠢᠨᠠᠳᠤ ᠶᠢᠨ ᠶᠡᠬᠡ ᠪᠷᠢᠲ᠋ᠠᠨ(ᠠᠩᠭᠯᠢ) ᠳᠤ ᠵᠠᠬᠢᠷᠤᠭᠳᠠᠬᠤ ᠦᠭᠡᠢ ᠶᠢᠨ ᠲᠥᠯᠥᠭᠡ ᠲᠡᠮᠡᠴᠡᠭᠰᠡᠨ ᠬᠤᠪᠢᠰᠬᠠᠯ ᠢᠯᠠᠭᠰᠠᠨ ᠠᠴᠠ 1776 ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠪᠠᠶᠢᠭᠤᠯᠤᠭᠳᠠᠵᠤ᠂ 1783 ᠣᠨ ᠳᠤ ᠳᠠᠶᠢᠨ ᠳᠠᠭᠤᠰᠴᠤ᠂ ᠧᠦ᠋ᠷᠣᠫᠠ ᠶᠢᠨ ᠺᠣᠯᠣᠨᠢ ᠠᠴᠠ ᠰᠠᠯᠣᠭᠰᠠᠨ ᠠᠩᠬᠠᠨ ᠤ ᠣᠷᠣᠨ ᠪᠣᠯᠤᠭᠰᠠᠨ ᠶᠤᠮ᠃ 1787 ᠣᠨ ᠳᠤ ᠦᠨᠳᠦᠰᠦᠨ ᠬᠠᠤᠯᠢ ᠪᠠᠨ ᠪᠠᠲᠤᠯᠠᠵᠤ ᠣᠳᠣ ᠴᠤ ᠥᠭᠡᠷᠡᠴᠢᠯᠡᠭᠡ ᠦᠭᠡᠢ ᠭᠡᠬᠦ ᠪᠠ 1791 ᠣᠨ ᠳᠤ ᠬᠦᠮᠦᠨ ᠦ ᠡᠷᠬᠡ᠂ ᠡᠷᠬᠡ ᠴᠢᠯᠦᠭᠡᠨ ᠦ ᠰᠠᠭᠤᠷᠢ ᠵᠠᠷᠴᠢᠮ ᠢ ᠲᠤᠩᠬᠠᠭᠯᠠᠭᠰᠠᠨ ᠠᠵᠡᠢ᠃ ᠪᠠᠶᠢᠭᠤᠯᠤᠭᠳᠠᠭᠰᠠᠨ ᠠᠴᠠ ᠪᠠᠨ ᠬᠣᠶᠢᠰᠢ ᠹᠷᠠᠨᠼᠢᠢᠰᠫᠠᠨᠢ ᠶᠢᠨ ᠬᠠᠶᠠᠭ᠎ᠠ ᠵᠠᠯᠭᠠᠭ᠎ᠠ ᠺᠣᠯᠣᠨᠢ ᠠᠴᠠ ᠭᠠᠵᠠᠷ ᠨᠤᠲᠤᠭ ᠠᠪᠴᠤ ᠨᠣᠮᠣᠬᠠᠨ ᠳᠠᠯᠠᠢ ᠬᠦᠷᠲᠡᠯ᠎ᠡ ᠲᠡᠯᠡᠭᠰᠡᠨ ᠪᠠ 19 ᠍ ᠳᠦᠭᠡᠷ ᠵᠠᠭᠤᠨ ᠤ ᠳᠤᠮᠳᠠ ᠦᠶ᠎ᠡ ᠳᠦ ᠪᠣᠭᠣᠯᠴᠢᠯᠠᠯ ᠢ ᠬᠠᠯᠬᠤ ᠶᠢᠨ ᠲᠥᠯᠥᠭᠡ ᠢᠷᠭᠡᠨ ᠦ ᠳᠠᠶᠢᠨ ᠳᠡᠭᠳᠡᠵᠦ ᠠᠮᠵᠢᠯᠲᠠ ᠲᠠᠢ ᠲᠡᠭᠦᠰᠦᠭᠰᠡᠨ᠃ ᠳᠡᠯᠡᠬᠡᠢ ᠶᠢᠨ ᠬᠣᠶᠠᠳᠤᠭᠠᠷ ᠳᠠᠶᠢᠨ ᠢᠶᠠᠷ ᠴᠥᠮ᠎ᠡ ᠶᠢᠨ ᠵᠡᠪᠰᠡᠭ ᠲᠡᠢ ᠪᠣᠯᠵᠤ᠂ ᠳᠠᠷᠠᠭ᠎ᠠ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠢ ᠪᠠᠶᠢᠭᠤᠯᠤᠯᠴᠠᠵᠤ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠦᠨ ᠠᠶᠤᠯ ᠦᠭᠡᠢ ᠶᠢᠨ ᠵᠥᠪᠯᠡᠯ ᠍ ᠦᠨ ᠪᠠᠶᠢᠩᠭᠤ ᠶᠢᠨ ᠭᠡᠰᠢᠭᠦᠨ ᠤᠯᠤᠰ ᠪᠣᠯᠵᠠᠢ᠃ ᠬᠦᠢᠲᠡᠨ ᠳᠠᠶᠢᠨ ᠲᠡᠭᠦᠰᠴᠦ ᠵᠥᠪᠯᠡᠯᠲᠦ ᠬᠣᠯᠪᠣᠭᠠᠲᠤ ᠤᠯᠤᠰ ᠵᠠᠳᠠᠷᠠᠭᠰᠠᠨ ᠢᠶᠠᠷ ᠭᠠᠭᠴᠠ ᠶᠡᠬᠡ ᠭᠦᠷᠦᠨ ᠪᠣᠯᠤᠨ ᠦᠯᠡᠳᠡᠭᠰᠡᠨ᠃ ᠳᠡᠯᠡᠬᠡᠢ ᠶᠢᠨ ᠪᠠᠷᠤᠭ ᠪᠦᠬᠦ ᠣᠷᠣᠨ ᠠᠴᠠ ᠬᠦᠮᠦᠨ ᠰᠢᠯᠵᠢᠨ ᠰᠠᠭᠤᠭᠰᠠᠨ ᠣᠯᠠᠨ ᠠᠷᠠᠰᠤ ᠦᠨᠳᠦᠰᠦ᠂ ᠣᠯᠠᠨ ᠬᠡᠯᠡ ᠰᠣᠶᠣᠯᠲᠠᠨ ᠤ ᠭᠠᠵᠠᠷ ᠪᠣᠯᠤᠭᠰᠠᠨ ᠪᠥᠭᠡᠳ ᠴᠠᠭᠠᠨ ᠠᠷᠠᠰᠤᠲᠠᠨ ᠵᠣᠩᠬᠢᠯᠠᠳᠠᠭ᠃ ᠠᠩᠭᠯᠢ ᠬᠡᠯᠡ ᠭᠣᠣᠯᠯᠠᠳᠠᠭ᠂ ᠢᠰᠫᠠᠨᠢ ᠬᠡᠯᠡ ᠪᠠᠰᠠ ᠬᠡᠷᠡᠭᠯᠡᠭᠡᠨ ᠳᠦ ᠪᠠᠶᠢᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠠᠵᠤ ᠦᠢᠯᠡᠳᠪᠦᠷᠵᠢᠭᠰᠡᠨ᠂ ᠬᠥᠭᠵᠢᠩᠭᠦᠢ ᠤᠯᠤᠰ ᠶᠤᠮ᠃ GDP ᠍ ᠦᠨ ᠬᠡᠮᠵᠢᠶ᠎ᠡ ᠪᠡᠷ ᠳᠡᠯᠡᠬᠡᠢ ᠳᠦ ᠲᠡᠷᠢᠭᠦᠯᠡᠳᠡᠭ᠃ ᠴᠡᠷᠢᠭ᠂ ᠲᠧᠭᠨᠣᠯᠣᠭᠢ ᠰᠠᠶᠢᠨ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠨᠢᠭᠡᠳᠦᠭᠰᠡᠨ ᠤᠯᠤᠰ 9,629,091 ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠨᠤᠲᠤᠭ ᠲᠠᠢ᠃ ᠪᠷᠠᠽᠢᠯ ᠍ ᠤᠨ ᠡᠮᠦᠨᠡᠬᠢ ᠪᠤᠶᠤ ᠳᠡᠯᠡᠬᠡᠢ ᠶᠢᠨ 4 ᠍ ᠳᠦᠭᠡᠷ ᠲᠣᠮᠣ ᠣᠷᠣᠨ ᠶᠤᠮ᠃

ᠰᠠᠨᠰᠠᠷ ᠠᠴᠠ ᠬᠠᠷᠠᠭᠰᠠᠨ ᠵᠢᠷᠤᠭ
ᠹᠢᠽᠢᠺ ᠭᠠᠵᠠᠷ ᠵᠦᠢ ᠶᠢᠨ ᠵᠢᠷᠤᠭ

ᠪᠠᠶᠢᠷᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠦᠨᠳᠦᠰᠦᠨ ᠣᠷᠣᠨ (7,663,941 ᠺᠦᠸᠠᠳ᠋ ᠺᠢᠯᠣᠮᠧᠲ᠋ᠷ) ᠨᠢ ᠺᠠᠨᠠᠳᠠ᠂ ᠮᠧᠺᠰᠢᠺᠦ ᠬᠣᠶᠠᠷ ᠤᠯᠤᠰ᠂ ᠨᠣᠮᠣᠬᠠᠨ ᠪᠣᠯᠤᠨ ᠠᠲ᠋ᠯᠠᠨᠲ ᠤᠨ ᠳᠠᠯᠠᠢᠮᠸᠺᠰᠢᠺᠣ ᠶᠢᠨ ᠪᠣᠯᠣᠩ ᠢᠶᠠᠷ ᠬᠦᠷᠢᠶᠡᠯᠡᠭᠳᠡᠳᠡᠭ᠃ ᠰᠠᠯᠤᠩᠭᠢᠳᠠ ᠭᠠᠵᠠᠷ ᠠᠴᠠ ᠬᠠᠮᠤᠭ ᠤᠨ ᠲᠣᠮᠣ ᠨᠢ ᠤᠮᠠᠷᠠᠳᠤ ᠮᠥᠰᠦᠨ ᠳᠠᠯᠠᠢ ᠳᠤ ᠲᠤᠯᠤᠭᠰᠠᠨ ᠠᠯᠠᠰᠺᠠ (1,717,856 ᠺᠦᠸᠠᠳ᠋ ᠺᠢᠯᠣᠮᠧᠲ᠋ᠷ) ᠶᠤᠮ᠃ ᠠᠯᠠᠰᠺᠠ ᠵᠡᠬᠦᠨ ᠲᠠᠯ᠎ᠠ ᠪᠠᠷ ᠺᠠᠨᠠᠳᠠ ᠲᠠᠢ ᠬᠢᠯᠢᠯᠡᠵᠦ᠂ ᠪᠠᠷᠠᠭᠤᠨ ᠵᠦᠭ ᠲᠤ ᠪᠧᠷᠢᠩ ᠦᠨ ᠬᠣᠭᠣᠯᠠᠢ ᠶᠢ ᠢᠶᠠᠷ ᠣᠷᠣᠰᠲᠣᠢ ᠣᠶᠢᠷᠠᠬᠠᠨ ᠣᠷᠣᠰᠢᠳᠠᠭ᠃ ᠨᠣᠮᠣᠬᠠᠨ ᠳᠠᠯᠠᠢ ᠳᠤ ᠬᠠᠸᠠᠶᠢ ᠠᠷᠠᠯ ᠤᠳ (28311 ᠺᠦᠸᠠᠳ᠋ ᠺᠢᠯᠣᠮᠧᠲ᠋ᠷ)᠂ ᠭᠤᠸᠠᠮ ᠠᠷᠠᠯ᠂ ᠮᠠᠷᠢᠶᠠᠨ ᠤ ᠠᠷᠠᠯ ᠤᠳᠠᠮᠧᠷᠢᠺᠠ ᠶᠢᠨ ᠰᠠᠮᠤᠣᠺᠠᠷᠠᠪ ᠤᠨ ᠲᠡᠩᠭᠢᠰ ᠲᠤ ᠫᠦ᠋ᠷᠲ᠋ᠣ-ᠷᠢᠺᠣ ᠠᠷᠠᠯ᠂ ᠸᠢᠷᠵᠢᠨ ᠦ ᠠᠷᠠᠯ ᠤᠳ ᠪᠤᠢ᠃ ᠠᠮᠧᠷᠢᠺᠠ ᠣᠷᠣᠨ ᠺᠠᠨᠠᠳᠠ ᠲᠠᠢ 8893 ᠺᠢᠯᠣᠮᠧᠲ᠋ᠷ᠂ ᠮᠸᠺᠰᠢᠺᠣ ᠲᠡᠢ 3327 ᠺᠢᠯᠣᠮᠧᠲ᠋ᠷ ᠭᠠᠵᠠᠷ ᠢᠶᠠᠷ ᠬᠢᠯᠢᠯᠡᠳᠡᠭ᠃

ᠭᠠᠵᠠᠷ ᠤᠨ ᠲᠣᠭᠲᠠᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠦᠨᠳᠦᠰᠦᠨ ᠣᠷᠣᠨ ᠢ ᠬᠡᠯᠡᠪᠡᠯ ᠠᠲ᠋ᠯᠠᠨᠲ ᠤᠨ ᠳᠠᠯᠠᠢ ᠲᠠᠯ᠎ᠠ ᠳᠤ ᠪᠠᠨ ᠨᠠᠮ ᠳᠣᠣᠷ᠎ᠠ᠂ ᠨᠣᠮᠣᠬᠠᠨ ᠳᠠᠯᠠᠢ ᠲᠠᠯ᠎ᠠ ᠳᠤ ᠪᠠᠨ ᠥᠨᠳᠥᠷ ᠪᠠᠶᠢᠳᠠᠭ᠃ ᠠᠲᠯᠠᠨ᠋ᠲ ᠤᠨ ᠡᠷᠭᠢ ᠶᠢᠨ ᠨᠠᠮ ᠳᠣᠣᠷ᠎ᠠ ᠭᠠᠵᠠᠷ᠂ ᠠᠫᠫᠠᠯᠠᠴᠢ ᠶᠢᠨ ᠨᠢᠷᠤᠭᠤ (ᠨᠣᠶᠠᠨ ᠣᠷᠭᠢᠯ ᠨᠢ 2037 m ᠥᠨᠳᠥᠷ ᠮᠢᠲ᠋ᠴᠧᠯᠯ ᠠᠭᠤᠯᠠ)᠂ ᠮᠢᠰᠰᠢᠰᠢᠫᠢ ᠮᠥᠷᠡᠨ ᠦ ᠰᠠᠪᠠ ᠭᠠᠵᠠᠷ᠂ ᠲᠥᠪ ᠲᠠᠯ᠎ᠠ (200—500 m), ᠶᠡᠬᠡ ᠲᠠᠯ᠎ᠠ (500—1600 m), ᠺᠣᠷᠳ᠋ᠯᠧᠷᠡᠶᠢᠨ ᠨᠢᠷᠤᠭᠤ ᠣᠷᠣᠰᠢᠳᠠᠭ᠃ ᠺᠣᠷᠳ᠋ᠯᠧᠷ ᠤᠨ ᠬᠠᠳᠠ ᠲᠠᠢ ᠠᠤᠯᠠᠯᠠᠰ (Rocky mountains) ᠍ ᠤᠨ ᠡᠯᠪᠧᠷᠲ ᠠᠭᠤᠯᠠ 4399 m ᠥᠨᠳᠥᠷ᠂ ᠰᠦᠶ ᠡᠷᠷᠠ-ᠨᠸᠠᠳᠠᠭ ᠤᠨ ᠨᠢᠷᠤᠭᠤᠨ ᠤ ᠤᠢᠲᠨᠢ ᠠᠭᠤᠯᠠ 4421 m ᠬᠦᠷᠡᠨ᠎ᠡ᠃ ᠠᠯᠢᠰᠺᠠᠳ ᠠᠮᠧᠷᠢᠺᠠ ᠶᠢᠨ ᠬᠠᠮᠤᠭ ᠤᠨ ᠥᠨᠳᠥᠷ ᠮᠠᠺ-ᠺᠢᠨᠯᠢ (6193 m) ᠰᠦᠨᠳᠡᠷᠯᠡᠳᠡᠭ᠃ ᠬᠠᠸᠠᠶᠢ ᠠᠷᠠᠯ ᠭᠠᠯᠲᠤ ᠠᠭᠤᠯᠠ ᠶᠢᠨ ᠪᠦᠲᠦᠴᠡ ᠲᠡᠢ᠃ ᠣᠷᠭᠢᠯ ᠨᠢ ᠳᠠᠯᠠᠢ ᠶᠢᠨ ᠲᠦᠪᠰᠢᠨ ᠡᠴᠡ 4205 m᠃

ᠤᠰᠤᠨ ᠤ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠭᠣᠣᠯ ᠮᠥᠷ ᠲᠦ ᠠᠲᠯᠠᠨ᠋ᠲ ᠤᠨ (ᠶᠡᠬᠡᠩᠬᠢ ᠨᠢ)᠂ ᠨᠣᠮᠣᠬᠠᠨ᠂ ᠤᠮᠠᠷᠠᠳᠤ ᠮᠥᠰᠦᠨ ᠳᠠᠯᠠᠢ ᠶᠢᠨ ᠠᠢ ᠰᠠᠪᠠ ᠳᠤ ᠬᠠᠮᠢᠶᠠᠷᠳᠠᠭ᠃ ᠮᠸᠺᠰᠢᠺᠣ ᠶᠢᠨ ᠪᠣᠯᠣᠩ ᠳᠤ ᠴᠢᠳᠬᠤᠳᠠᠭ ᠮᠢᠰᠰᠢᠰᠢᠫᠢ (ᠳᠠᠩ ᠤᠷᠲᠤ 3757 ᠺᠢᠯᠣᠮᠧᠲ᠋ᠷ)᠂ ᠮᠢᠰᠰᠤᠷᠢ (4127 ᠺᠢᠯᠣᠮᠧᠲ᠋ᠷ)᠂ ᠷᠢᠣ-ᠭᠠᠷᠨᠳᠧᠺᠣᠯᠠᠷᠠᠳᠣᠠᠷᠺᠠᠨᠵᠠᠰ (2322 ᠺᠢᠯᠣᠮᠧᠲ᠋ᠷ)᠂ ᠷᠧᠳ-ᠷᠢᠤᠧᠷ᠂ ᠨᠣᠮᠣᠬᠠᠨ ᠳᠠᠯᠠᠢ ᠳᠤ ᠶᠡᠭᠦᠯᠡᠳᠡᠭ ᠺᠣᠯᠤᠮᠪᠢᠶ ᠠ᠂ ᠠᠯᠢᠰᠺ ᠤᠨ ᠶᠢᠺᠦᠩ ᠮᠥᠷᠡᠨ ᠵᠡᠷᠭᠡ ᠲᠣᠮᠣᠬᠠᠨ ᠢ ᠳᠤᠷᠠᠳᠴᠤ ᠪᠣᠯᠤᠨ᠎ᠠ᠃

ᠺᠠᠨᠠᠳᠠ ᠲᠠᠢ ᠬᠢᠯᠢᠯᠡᠬᠦ ᠬᠢᠯᠢ ᠶᠢᠨ ᠱᠤᠭᠤᠮ ᠳᠠᠭᠠᠷᠢᠭᠠᠳ ᠴᠡᠩᠭᠡᠭ ᠤᠰᠤᠨ ᠤ ᠨᠥᠭᠡᠴᠡ ᠪᠣᠯᠤᠭᠰᠠᠨ ᠶᠡᠬᠡ ᠨᠠᠭᠤᠷ ᠤᠳ ᠬᠡᠮᠡᠬᠦ ᠳᠡᠭᠡᠳᠦᠬᠤᠷᠠᠨᠮᠡᠴᠢᠭᠠᠨᠡᠷᠢᠣᠨᠲ᠋ᠠᠷᠢᠶ᠎ᠠ ᠭᠡᠰᠡᠨ ᠨᠡᠷ᠎ᠡ ᠲᠡᠢ ᠲᠠᠪᠤᠨ ᠲᠣᠮᠣ ᠨᠠᠭᠤᠷ ᠪᠤᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠣᠩ ᠲᠷᠤᠮᠪᠤᠯ ᠤᠨ "ᠲᠤᠰᠠᠭᠠᠷ ᠲᠣᠭᠲᠠᠨᠢᠯ ᠤᠨ ᠲᠤᠩᠬᠠᠭ" ᠵᠢᠷᠤᠭ

1492 ᠣᠨ ᠳᠤ ᠠᠮᠧᠷᠢᠺᠠ ᠲᠢᠪ ᠨᠡᠭᠡᠭᠡᠭᠳᠡᠭᠰᠡᠨ ᠡᠴᠡ ᠬᠣᠶᠢᠰᠢ᠂ ᠲᠡᠨᠳᠡ ᠡᠭᠦᠰᠦᠭᠰᠡᠨ ᠺᠣᠯᠣᠨᠢ ᠨᠤᠭᠤᠳ ᠠᠴᠠ ᠡᠬᠢᠯᠡᠨ᠎ᠡ᠃ ᠲᠡᠨᠳᠡᠬᠢ ᠶᠢᠨ ᠪᠷᠢᠲ᠋ᠠᠨ ᠦ ᠺᠣᠯᠣᠨᠢ ᠨᠤᠭᠤᠳ ᠨᠢ 1776 ᠣᠨ ᠳᠤ ᠰᠠᠯᠣᠨ ᠲᠤᠰᠠᠭᠠᠷᠯᠠᠵᠤ᠂ ᠤᠯᠠᠮ ᠢᠶᠠᠷ 1783 ᠣᠨ ᠤ ᠫᠠᠷᠢᠰ ᠤᠨ ᠭᠡᠷ᠎ᠡ ᠶᠢᠨ ᠳᠠᠭᠠᠤ ᠠᠮᠧᠷᠢᠺᠠ ᠶᠢᠨ ᠨᠢᠭᠡᠳᠦᠭᠰᠡᠨ ᠤᠯᠤᠰ ᠪᠤᠰᠤᠳ ᠤᠯᠤᠰ ᠣᠷᠣᠨ ᠢᠶᠠᠷ ᠬᠦᠯᠢᠶᠡᠨ ᠵᠥᠪᠰᠢᠶᠡᠷᠡᠭᠳᠡᠵᠡᠢ᠃

1787 ᠣᠨ ᠳᠤ ᠪᠠᠲᠤᠯᠠᠭᠳᠠᠭᠰᠠᠨ ᠦᠨᠳᠦᠰᠦᠨ ᠬᠠᠤᠯᠢ ᠶᠢᠨ ᠳᠠᠭᠠᠤ ᠠᠮᠧᠷᠢᠺᠠ ᠶᠢᠨ ᠨᠢᠭᠡᠳᠦᠭᠰᠡᠨ ᠤᠯᠤᠰ ᠨᠢ ᠬᠣᠯᠪᠣᠭᠠᠨ ᠤ ᠤᠯᠤᠰ ᠪᠣᠯᠵᠤ ᠠᠩᠬᠠᠯᠠᠨ ᠪᠠᠶᠢᠭᠰᠠᠨ 13 ᠮᠤᠵᠢ ᠤᠯᠤᠰ ᠳᠡᠭᠡᠷ᠎ᠡ 19, 20 ᠍ ᠳᠦᠭᠡᠷ ᠵᠠᠭᠤᠨ ᠤ ᠲᠤᠷᠰᠢᠳᠠ ᠰᠢᠨ᠎ᠡ ᠪᠡᠷ 37 ᠮᠤᠵᠢ ᠤᠯᠤᠰ ᠨᠡᠮᠡᠭᠳᠡᠭᠰᠡᠨ ᠲᠤᠯᠠ ᠲᠤᠰ ᠤᠯᠤᠰᠬᠣᠶᠢᠳ ᠠᠮᠧᠷᠢᠺᠠ ᠶᠢᠨ ᠶᠡᠬᠡᠩᠬᠢ ᠶᠢ ᠡᠵᠡᠯᠡᠭᠰᠡᠨ ᠲᠣᠮᠣᠬᠠᠨ ᠭᠦᠷᠦᠨ ᠪᠣᠯᠤᠨ ᠥᠷᠭᠡᠵᠢᠵᠡᠢ᠃

1861-1865 ᠣᠨ ᠳᠤ ᠳᠡᠭᠳᠡᠭᠰᠡᠨ ᠢᠷᠭᠡᠨ ᠦ ᠳᠠᠶᠢᠨ ᠪᠣᠯᠤᠨ 1930 ᠍ ᠊ᠭᠠᠳ ᠣᠨ ᠤ ᠡᠳ᠋ ᠍ ᠦᠨ ᠵᠠᠰᠠᠭ ᠤᠨ ᠶᠡᠬᠡ ᠬᠢᠮᠤᠷᠠᠯ ᠤᠨ ᠦᠶ᠎ᠡ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠲᠡᠦᠬᠡ ᠶᠢᠨ ᠬᠠᠮᠤᠭ ᠤᠨ ᠡᠭᠡᠵᠢᠭᠲᠡᠢ ᠦᠶ᠎ᠡ ᠬᠡᠮᠡᠨ ᠦᠵᠡᠳᠡᠭ ᠪᠠᠶᠢᠨ᠎ᠠ᠃ ᠳᠡᠯᠡᠬᠡᠢ ᠶᠢᠨ I, II ᠳᠠᠶᠢᠨ ᠳᠤ ᠪᠠᠶᠢᠭᠤᠯᠤᠭᠰᠠᠨ ᠢᠯᠠᠯᠲᠠ ᠪᠣᠯᠤᠨ 1991 ᠣᠨ ᠳᠤ ᠥᠨᠳᠥᠷᠯᠡᠭᠰᠡᠨ ᠬᠦᠢᠲᠡᠨ ᠳᠠᠶᠢᠨ ᠠᠴᠠ (The Cold War) ᠬᠣᠶᠢᠰᠢ ᠠᠮᠧᠷᠢᠺᠠ ᠶᠢᠨ ᠨᠢᠭᠡᠳᠦᠭᠰᠡᠨ ᠤᠯᠤᠰ ᠨᠢ ᠳᠡᠯᠡᠬᠡᠢ ᠶᠢᠨ ᠬᠠᠮᠤᠭ ᠤᠨ ᠬᠦᠴᠦᠷᠬᠡᠭ ᠭᠦᠷᠦᠨ ᠦ ᠪᠠᠢᠳᠠᠯ ᠬᠠᠳᠠᠭᠠᠯᠠᠭᠰᠠᠭᠠᠷ ᠪᠠᠶᠢᠨ᠎ᠠ᠃

ᠭᠠᠵᠠᠷ ᠨᠤᠲᠤᠭ᠂ ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠶᠢᠨ ᠣᠯᠠᠩᠬᠢ ᠨᠢ ᠴᠠᠭᠠᠨ ᠠᠷᠠᠰᠤᠲᠠᠨ᠃

  • ᠬᠠᠷ᠎ᠠ ᠠᠷᠠᠰᠤᠲᠠᠨ 29,2 ᠰᠠᠶ᠎ᠠ
  • ᠯᠠᠲ᠋ᠢᠨ ᠭᠠᠷᠤᠯᠲᠠᠢ 16,9 ᠰᠠᠶ᠎ᠠ
  • ᠢᠨᠳᠢᠶᠠᠨᠴᠤᠤᠳ – 1,4 ᠰᠠᠶ᠎ᠠ

ᠬᠦᠮᠦᠨ ᠠᠮᠠ ᠶᠢᠨ 27,1% ᠨᠢ 18 ᠬᠦᠷᠲᠡᠯᠡᠬᠢ ᠨᠠᠰᠤᠨ ᠤ ᠬᠢ ᠪᠥᠭᠡᠳ 25 ᠰᠠᠶ᠎ᠠ ᠭᠠᠷᠤᠢ ᠬᠦᠮᠦᠨ 65 ᠍ ᠠᠴᠠ ᠳᠡᠭᠡᠭᠰᠢ ᠨᠠᠰᠤᠲᠠᠢ ᠪᠠᠶᠢᠨ᠎ᠠ᠃ ᠳᠤᠮᠳᠠᠴᠢ ᠨᠠᠰᠤᠯᠠᠯᠲᠠ 78. ᠳᠥᠷᠪᠡᠨ ᠬᠦᠮᠦᠨ ᠲᠤᠲᠤᠮ ᠤᠨ 3 ᠨᠢ ᠬᠣᠲᠠ ᠰᠠᠭᠤᠷᠢᠨ ᠳᠤ ᠠᠮᠢᠳᠤᠷᠠᠳᠠᠭ᠃

2001 ᠣᠨ ᠤ ᠪᠠᠶᠢᠳᠠᠯ ᠢᠶᠠᠷ᠂ ᠬᠦᠮᠦᠨ ᠠᠮᠠ ᠶᠢᠨ 52% ᠨᠢ ᠫᠷᠣᠲ᠋ᠧᠰᠲ᠋ᠠᠨᠲ᠂ 24.5% ᠨᠢ ᠺᠠᠲ᠋ᠣᠯᠢᠭ᠂ 1.4% ᠨᠢ ᠵᠦᠳ ᠦᠨ ᠱᠠᠰᠢᠨᠲᠠᠨ᠂ 0.5% ᠨᠢ ᠮᠥᠰᠥᠯᠢᠮ᠂ 0.5% ᠨᠢ ᠪᠤᠳ᠋ᠳ᠋ᠾᠠᠶᠢᠰᠲ᠂ 0.4% ᠨᠢ ᠬᠢᠨᠳᠤ ᠱᠠᠰᠢᠨᠲᠠᠨ᠂ 14.2% ᠨᠢ ᠱᠠᠰᠢᠨ ᠰᠢᠲᠦᠯᠭᠡ ᠦᠭᠡᠢ ᠭᠡᠵᠦ ᠲᠣᠳᠣᠷᠬᠠᠶᠢᠯᠠᠭᠳᠠᠭᠰᠠᠨ ᠪᠠᠶᠢᠨ᠎ᠠ᠃ ᠦᠨᠳᠦᠰᠦᠨ ᠬᠡᠯᠡ ᠨᠢ ᠠᠩᠭᠯᠢ

ᠭᠠᠵᠠᠷ ᠨᠤᠲᠤᠭ ᠤᠨ ᠬᠡᠮᠵᠢᠶ᠎ᠡ: 9,631,418 ᠺᠢᠯᠣᠮᠧᠲ᠋ᠷ ᠺᠦᠸᠠᠳ᠋᠃

ᠭᠠᠵᠠᠷ ᠵᠦᠢ ᠶᠢᠨ ᠪᠠᠶᠢᠷᠢᠯᠠᠯ ᠤᠨ ᠣᠨᠴᠠᠯᠢᠭ: ᠡᠨᠡ ᠨᠢ ᠣᠯᠠᠨ ᠤᠯᠤᠰ ᠤᠨ ᠤᠰᠤᠨ ᠵᠠᠮ ᠢ ᠠᠰᠢᠭᠯᠠᠬᠤ ᠪᠦᠷᠢᠨ ᠪᠣᠯᠤᠮᠵᠢ ᠲᠠᠢ ᠠᠴᠠ ᠭᠠᠳᠠᠨ᠎ᠠ ᠬᠠᠷᠢᠴᠠᠩᠭᠤᠢ ᠪᠠᠷ ᠲᠤᠰᠠᠭᠠᠷᠯᠠᠭᠳᠠᠮᠠᠯ ᠪᠠᠶᠢᠷᠢᠯᠠᠯ ᠲᠠᠢ ᠨᠢ ᠪᠤᠰᠤᠳ ᠪᠥᠰᠡ ᠨᠤᠲᠤᠭ ᠤᠨ ᠤᠯᠤᠰ ᠣᠷᠣᠨ ᠨᠤᠭᠤᠳ ᠲᠠᠢ ᠬᠠᠷᠢᠯᠴᠠᠬᠤ ᠳᠤ ᠲᠡᠭᠡᠭᠡᠪᠦᠷᠢ ᠶᠢᠨ ᠵᠠᠷᠤᠳᠠᠯ᠂ ᠴᠠᠭ ᠬᠤᠭᠤᠴᠠᠭ᠎ᠠ ᠶᠡᠬᠡ ᠱᠠᠭᠠᠷᠳᠠᠬᠤ ᠮᠠᠭᠤ ᠲᠠᠯ᠎ᠠ ᠲᠠᠢ ᠴᠤ ᠴᠡᠷᠢᠭ ᠪᠠᠶᠢᠯᠳᠣᠬᠣ ᠪᠣᠳᠣᠯᠭ᠎ᠠ ᠶᠢᠨ ᠠᠶᠤᠯ ᠦᠭᠡᠢ ᠪᠠᠶᠢᠳᠠᠯ ᠢ ᠶᠠᠮᠠᠷ ᠨᠢᠭᠡ ᠬᠡᠮᠵᠢᠶ᠎ᠡ ᠪᠡᠷ ᠬᠠᠩᠭᠠᠳᠠᠭ ᠪᠥᠭᠡᠳ ᠲᠤᠬᠠᠶᠢᠯᠠᠪᠠᠯ ᠠᠮᠧᠷᠢᠺᠠ ᠶᠢᠨ ᠨᠢᠭᠡᠳᠦᠭᠰᠡᠨ ᠤᠯᠤᠰ ᠶᠢᠨ ᠨᠤᠲᠤᠭ ᠳᠡᠪᠢᠰᠬᠡᠷ ᠨᠢ ᠳᠡᠯᠡᠬᠡᠢ ᠶᠢᠨ I, II ᠳᠠᠶᠢᠨ ᠳᠤ ᠣᠭᠲᠣᠬᠠᠨ ᠴᠤ ᠥᠷᠲᠥᠭᠡ ᠦᠭᠡᠢ ᠨᠢ ᠡᠭᠦᠨ ᠦ ᠢᠯᠡᠷᠡᠯ ᠶᠤᠮ᠃

ᠵᠠᠰᠠᠭ ᠵᠠᠬᠢᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠨᠢᠭᠡᠳᠦᠭᠰᠡᠨ ᠤᠯᠤᠰ ᠨᠢ ᠬᠣᠯᠪᠣᠭᠠᠨ ᠤ ᠤᠯᠤᠰ ᠪᠥᠭᠡᠳ 50 ᠮᠤᠵᠢ ᠤᠯᠤᠰ ᠪᠣᠯᠤᠨ ᠺᠣᠯᠤᠮᠪᠢᠶ ᠠ ᠶᠢᠨ ᠲᠣᠭᠣᠷᠢᠭ ᠠᠴᠠ ᠪᠦᠷᠢᠳᠳᠡᠭ᠃ ᠨᠡᠶᠢᠰᠯᠡᠯ ᠬᠣᠲᠠ ᠸᠠᠰᠢᠩᠲ᠋ᠣᠨ ᠳᠤ 638,5 ᠮᠢᠩᠭᠠᠨ ᠬᠦᠮᠦᠨ ᠣᠷᠣᠰᠢᠨ ᠰᠠᠭᠤᠳᠠᠭ᠃ ᠠᠮᠧᠷᠢᠺᠠ ᠶᠢᠨ ᠨᠢᠭᠡᠳᠦᠭᠰᠡᠨ ᠤᠯᠤᠰ ᠶᠢᠨ ᠬᠠᠮᠤᠭ ᠤᠨ ᠲᠣᠮᠣ ᠬᠣᠲᠠ ᠨᠢ ᠨᠶᠤ-ᠢᠣᠷᠺ ᠪᠥᠭᠡᠳ ᠳᠡᠭᠦᠷᠭᠡ ᠶᠢᠨ ᠬᠠᠮᠲᠤ 9 ᠰᠠᠶ᠎ᠠ ᠭᠠᠷᠤᠢ ᠬᠦᠮᠦᠨ ᠣᠷᠣᠰᠢᠨ ᠰᠠᠭᠤᠳᠠᠭ᠃

ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠨᠢ ᠲᠥᠷᠥ ᠶᠢᠨ ᠪᠣᠯᠤᠨ ᠵᠠᠰᠠᠭ ᠤᠨ ᠭᠠᠵᠠᠷ ᠤᠨ ᠲᠡᠷᠢᠭᠦᠨ ᠶᠤᠮ᠃ ᠶᠡᠷᠦᠩᠬᠡᠶᠢᠯᠡᠭᠴᠢ ᠪᠣᠯᠤᠨ ᠳᠡᠳ᠋ ᠶᠡᠷᠦᠩᠬᠡᠶᠢᠯᠡᠭᠴᠢ ᠶᠢ ᠮᠤᠵᠢ ᠤᠯᠤᠰ ᠪᠣᠯᠭᠠᠨ ᠠᠴᠠ ᠰᠢᠭᠤᠳ ᠰᠣᠩᠭᠣᠭᠳᠠᠭᠰᠠᠨ ᠰᠣᠩᠭᠣᠭᠴᠢᠳ ᠤᠨ ᠰᠠᠨᠠᠯ ᠢᠶᠠᠷ 4 ᠵᠢᠯ ᠦᠨ ᠬᠤᠭᠤᠴᠠᠭ᠎ᠠ ᠪᠠᠷ ᠰᠣᠩᠭᠣᠨ᠎ᠠ᠃ ᠶᠡᠷᠦᠩᠬᠡᠶᠢᠯᠡᠭᠴᠢ ᠨᠢ ᠠᠮᠧᠷᠢᠺᠠ ᠶᠢᠨ ᠨᠢᠭᠡᠳᠦᠭᠰᠡᠨ ᠤᠯᠤᠰ ᠳᠦ ᠲᠦᠷᠦᠭᠰᠡᠨ᠂ 35 ᠨᠠᠰᠤ ᠬᠦᠷᠦᠭᠰᠡᠨ ᠢᠷᠭᠡᠨ ᠪᠠᠶᠢᠬᠤ ᠶᠣᠰᠣᠲᠠᠢ᠃

ᠠᠮᠧᠷᠢᠺᠠ ᠶᠢᠨ ᠨᠢᠭᠡᠳᠦᠭᠰᠡᠨ ᠤᠯᠤᠰ ᠤᠨ ᠵᠠᠰᠠᠭ ᠤᠨ ᠭᠠᠵᠠᠷ ᠪᠤᠶᠤ ᠺᠠᠪᠢᠨᠧᠲ ᠢ ᠶᠡᠷᠦᠩᠬᠡᠶᠢᠯᠡᠭᠴᠢ ᠲᠣᠮᠢᠯᠠᠵᠤ᠂ ᠰᠧᠨᠠᠲ ᠪᠠᠲᠤᠯᠠᠬᠤ ᠪᠥᠭᠡᠳ ᠰᠠᠶᠢᠳ ᠨᠠᠷ (ᠲᠥᠷᠥ ᠶᠢᠨ ᠨᠠᠷᠢᠨ ᠪᠢᠴᠢᠭ ᠦᠨ ᠳᠠᠷᠤᠭ᠎ᠠ ᠭᠡᠬᠦ) ᠨᠢ ᠺᠣᠩᠷᠧᠰ ᠤᠨ ᠡᠮᠦᠨ᠎ᠡ ᠬᠠᠷᠢᠭᠤᠴᠠᠯᠭ᠎ᠠ ᠬᠦᠯᠢᠶᠡᠬᠦ ᠠᠯᠪᠠ ᠦᠭᠡᠢ᠃

ᠬᠠᠤᠯᠢ ᠲᠣᠭᠲᠠᠭᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠤᠯᠢ ᠲᠣᠭᠲᠠᠭᠠᠬᠤ ᠪᠠᠶᠢᠭᠤᠯᠤᠯᠭ᠎ᠠ ᠺᠣᠩᠷᠧᠰ ᠨᠢ 2 ᠲᠠᠩᠬᠢᠮ ᠠᠴᠠ ᠪᠦᠷᠢᠳᠳᠡᠭ ᠠᠵᠤ᠃ ᠳᠡᠭᠡᠳᠦ ᠲᠠᠩᠬᠢᠮ ᠰᠧᠨᠠᠲ ᠨᠢ ᠵᠢᠷᠭᠤᠭᠠᠨ ᠵᠢᠯ ᠦᠨ ᠬᠤᠭᠤᠴᠠᠭ᠎ᠠ ᠪᠠᠷ ᠮᠤᠵᠢ ᠤᠯᠤᠰ ᠪᠦᠷᠢ ᠡᠴᠡ 2 ᠭᠡᠰᠢᠭᠦᠨ ᠰᠣᠩᠭᠣᠭᠳᠠᠭᠰᠠᠨ 100 ᠭᠡᠰᠢᠭᠦᠨ ᠲᠡᠢ ᠪᠥᠭᠡᠳ ᠬᠣᠶᠠᠷ ᠵᠢᠯ ᠲᠤᠲᠤᠮ ᠡᠳᠡᠭᠡᠷ ᠦᠨ ᠭᠤᠷᠪᠠᠨ ᠤ ᠨᠢᠭᠡ ᠨᠢ ᠳᠠᠬᠢᠨ ᠰᠣᠩᠭᠣᠭᠤᠯᠢ ᠳᠤ ᠣᠷᠣᠳᠠᠭ ᠪᠠᠶᠢᠨ᠎ᠠ᠃ ᠳ᠋ᠣᠣ ᠳᠤ ᠲᠠᠩᠬᠢᠮ ᠪᠣᠯᠬᠤ ᠲᠥᠯᠥᠭᠡᠯᠡᠭᠴᠢᠳ ᠦᠨ ᠲᠠᠩᠬᠢᠮ ᠳᠤ ᠭᠡᠰᠢᠭᠦᠳ ᠦᠨ ᠲᠣᠭ᠎ᠠ ᠲᠤᠬᠠᠢ ᠶᠢᠨ ᠮᠤᠵᠢ ᠤᠯᠤᠰ ᠤᠨ ᠬᠦᠮᠦᠨ ᠠᠮᠠ ᠶᠢᠨ ᠲᠣᠭᠠᠨ ᠠᠴᠠ ᠬᠠᠮᠢᠶᠠᠷᠳᠠᠭ ᠠᠭᠠᠳ ᠣᠳᠣ ᠶᠢᠨ ᠪᠠᠶᠢᠳᠠᠯ ᠢᠶᠠᠷ 435 ᠰᠠᠭᠤᠳᠠᠯ ᠲᠠᠢ ᠪᠠᠶᠢᠨ᠎ᠠ᠃

ᠰᠢᠭᠦᠬᠦ ᠵᠠᠰᠠᠭᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠨᠢᠭᠡᠳᠦᠭᠰᠡᠨ ᠤᠯᠤᠰ ᠤᠨ ᠳᠡᠭᠡᠳᠦ ᠰᠢᠭᠦᠬᠦ ᠶᠢᠨ 9 ᠭᠡᠰᠢᠭᠦᠨ ᠢ ᠪᠦᠬᠦ ᠨᠠᠰᠤ ᠪᠠᠷ ᠨᠢ ᠶᠡᠷᠦᠩᠬᠡᠶᠢᠯᠡᠭᠴᠢ ᠲᠣᠮᠢᠯᠠᠵᠤ᠂ ᠰᠧᠨᠠᠲ ᠪᠠᠲᠤᠯᠠᠳᠠᠭ ᠪᠠᠶᠢᠨ᠎ᠠ᠃ ᠲᠡᠭᠦᠨᠴᠢᠯᠡᠨ ᠠᠮᠧᠷᠢᠺᠠ ᠶᠢᠨ ᠨᠢᠭᠡᠳᠦᠭᠰᠡᠨ ᠤᠯᠤᠰ ᠤᠨ ᠳᠠᠪᠠᠵᠤ ᠵᠠᠭᠠᠯᠳᠤᠬᠤ ᠰᠢᠭᠦᠬᠦ᠂ ᠠᠮᠧᠷᠢᠺᠠ ᠶᠢᠨ ᠨᠢᠭᠡᠳᠦᠭᠰᠡᠨ ᠤᠯᠤᠰ ᠤᠨ ᠲᠣᠭᠣᠷᠢᠭ ᠤᠨ ᠰᠢᠭᠦᠬᠦ᠂ ᠮᠤᠵᠢ ᠤᠯᠤᠰ ᠤᠨ ᠪᠣᠯᠤᠨ ᠠᠩᠬᠠᠨ ᠱᠠᠲᠤᠨ ᠤ ᠰᠢᠭᠦᠬᠦ ᠭᠡᠵᠦ ᠪᠠᠶᠢᠳᠠᠭ᠃

ᠤᠯᠤᠰ ᠲᠥᠷᠥ ᠶᠢᠨ ᠭᠣᠣᠯ ᠨᠠᠮ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠨᠢᠭᠡᠳᠦᠭᠰᠡᠨ ᠤᠯᠤᠰ ᠳᠦ ᠦᠨᠳᠦᠰᠦᠨ ᠳᠦ ᠪᠡᠨ ᠦᠢᠯᠡᠳᠪᠦᠷᠢᠯᠡᠭᠴᠢᠳ ᠦᠨ ᠡᠷᠬᠡ ᠠᠰᠢᠭ ᠢ ᠬᠠᠮᠠᠭᠠᠯᠠᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠪᠦᠭᠦᠳᠡ ᠨᠠᠶᠢᠷᠠᠮᠳᠠᠬᠤ ᠨᠠᠮ (1854 ᠣᠨ ᠳᠤ ᠪᠠᠶᠢᠭᠤᠯᠤᠭᠳᠠᠭᠰᠠᠨ), ᠠᠮᠧᠷᠢᠺᠠ ᠶᠢᠨ ᠨᠢᠭᠡᠳᠦᠭᠰᠡᠨ ᠤᠯᠤᠰ ᠤᠨ ᠠᠷᠠᠳᠴᠢᠯᠠᠭᠰᠠᠨ ᠨᠠᠮ (1828 ᠣᠨ ᠳᠤ ᠪᠠᠶᠢᠭᠤᠯᠤᠭᠳᠠᠭᠰᠠᠨ) ᠬᠡᠮᠡᠬᠦ ᠬᠣᠶᠠᠷ ᠨᠠᠮ ᠤᠨ ᠰᠢᠰᠲ᠋ᠧᠮ ᠲᠣᠭᠲᠠᠵᠤ᠂ ᠵᠠᠰᠠᠭ ᠤᠨ ᠡᠷᠬᠡ ᠶᠢ ᠡᠭᠡᠯᠵᠢ ᠳᠠᠷᠠᠭᠠᠯᠠᠨ ᠪᠠᠷᠢᠭᠰᠠᠭᠠᠷ ᠢᠷᠡᠪᠡ᠃ ᠡᠳᠡᠭᠡᠷ ᠨᠠᠮ ᠤᠨ ᠦᠵᠡᠯ ᠪᠠᠷᠢᠮᠲᠠᠯᠠᠯ ᠳᠤ ᠵᠠᠷᠴᠢᠮ ᠤᠨ ᠢᠯᠭᠠᠭ᠎ᠠ ᠦᠭᠡᠢ ᠪᠣᠯᠪᠠᠴᠤ ᠪᠦᠭᠦᠳᠡ ᠨᠠᠶᠢᠷᠠᠮᠳᠠᠬᠤ ᠨᠠᠮ ᠬᠤᠪᠢ ᠤᠨ ᠡᠳ᠋ ᠍ ᠦᠨ ᠵᠠᠰᠠᠭ ᠲᠤ ᠲᠥᠷᠥ ᠶᠢᠨ ᠣᠷᠣᠯᠴᠠᠭ᠎ᠠ ᠶᠢ ᠠᠯᠢ ᠪᠣᠯᠬᠤ ᠪᠠᠷ ᠬᠢᠵᠠᠭᠠᠷᠯᠠᠬᠤ ᠴᠢᠭᠢ ᠱᠤᠭᠤᠮ ᠪᠠᠷᠢᠮᠲᠠᠯᠠᠵᠤ ᠪᠠᠶᠢᠬᠤ ᠳᠤ ᠠᠷᠠᠳᠴᠢᠯᠠᠭᠰᠠᠨ ᠨᠠᠮ ᠨᠢ ᠵᠠᠰᠠᠭ ᠤᠨ ᠭᠠᠵᠠᠷ ᠬᠤᠪᠢ ᠤᠨ ᠡᠳ᠋ ᠍ ᠦᠨ ᠵᠠᠰᠠᠭ ᠢ ᠲᠣᠳᠣᠷᠬᠠᠢ ᠬᠡᠮᠵᠢᠶ᠎ᠡ ᠪᠡᠷ ᠤᠳᠤᠷᠢᠳᠤᠨ ᠵᠣᠬᠢᠴᠠᠭᠤᠯᠵᠤ᠂ ᠬᠦᠮᠦᠨ ᠠᠮᠠ ᠶᠢᠨ ᠨᠡᠶᠢᠭᠡᠮ ᠤᠨ ᠠᠰᠠᠭᠤᠳᠠᠯ ᠳᠤ ᠠᠩᠬᠠᠷᠬᠣ ᠶᠣᠰᠣᠲᠠᠢ ᠭᠡᠵᠦ ᠦᠵᠡᠳᠡᠭ ᠪᠠᠶᠢᠨ᠎ᠠ᠃ ᠡᠨᠡ ᠬᠣᠶᠠᠷ ᠨᠠᠮ ᠠᠴᠠ ᠭᠠᠳᠠᠨ᠎ᠠ ᠰᠢᠨᠡᠴᠢᠯᠡᠯ ᠦᠨ ᠨᠠᠮ᠂ ᠨᠣᠭᠣᠭᠠᠨ ᠤ ᠪᠣᠯᠤᠨ ᠰᠣᠴᠢᠶᠠᠯ ᠳᠧᠮᠣᠺᠷᠠᠲ ᠭᠡᠬᠦ ᠵᠡᠷᠭᠡ ᠤᠯᠤᠰ ᠲᠥᠷᠥ ᠶᠢᠨ 21 ᠨᠠᠮ ᠪᠠᠶᠢᠳᠠᠭ᠃ ᠲᠡᠳᠡᠭᠡᠷ ᠨᠠᠮ ᠤᠳ ᠤᠯᠤᠰ ᠲᠥᠷᠥ ᠶᠢᠨ ᠨᠥᠯᠥᠭᠡ ᠪᠠᠶᠢᠬᠤ ᠦᠭᠡᠢ᠂ ᠥᠷᠭᠡᠨ ᠬᠦᠷᠢᠶ᠎ᠡ ᠲᠡᠢ ᠦᠢᠯᠡ ᠠᠵᠢᠯᠯᠠᠭ᠎ᠠ ᠶᠠᠪᠤᠭᠤᠯᠳᠠᠭ ᠦᠭᠡᠢ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠧᠷᠢᠺᠠ ᠶᠢᠨ ᠨᠢᠭᠡᠳᠦᠭᠰᠡᠨ ᠤᠯᠤᠰ ᠨᠢ ᠳᠡᠯᠡᠬᠡᠢ ᠶᠢᠨ ᠬᠠᠮᠤᠭ ᠤᠨ ᠲᠣᠮᠣ᠂ ᠲᠧᠭᠨᠣᠯᠣᠭᠢ ᠶᠢᠨ ᠬᠤᠪᠢ ᠳᠤ ᠬᠥᠭᠵᠢᠭᠰᠡᠨ ᠬᠦᠴᠦᠷᠬᠡᠭ ᠡᠳ᠋ ᠍ ᠦᠨ ᠵᠠᠰᠠᠭ ᠲᠠᠢ ᠣᠷᠣᠨ ᠶᠤᠮ᠃ ᠲᠤᠰ ᠤᠯᠤᠰ ᠤᠨ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠤᠨ ᠲᠣᠭᠲᠠᠯᠴᠠᠭᠠᠨ ᠤ ᠳᠠᠭᠠᠤ ᠬᠤᠳᠠ ᠶᠢᠨ ᠪᠢᠽᠢᠨ᠋ᠧᠰ ᠳᠠᠪᠠᠮᠠᠭᠠᠶᠢᠯᠠᠬᠤ ᠡᠭᠦᠷᠭᠡ ᠲᠡᠢ ᠪᠥᠭᠡᠳ ᠬᠣᠯᠪᠣᠭᠠᠨ ᠤ ᠪᠣᠯᠤᠨ ᠲᠥᠷᠥ ᠶᠢᠨ ᠪᠠᠶᠢᠭᠤᠯᠤᠯᠭ᠎ᠠ ᠨᠤᠭᠤᠳ ᠱᠠᠭᠠᠷᠳᠠᠯᠭ᠎ᠠ ᠲᠠᠢ ᠪᠠᠷᠠᠭ᠎ᠠ᠂ ᠦᠢᠯᠡᠴᠢᠯᠡᠭᠡ ᠶᠢ ᠡᠳᠡᠭᠡᠷ ᠬᠤᠪᠢ ᠤᠨ ᠦᠢᠯᠡᠳᠪᠦᠷᠢᠯᠡᠭᠴᠢ ᠡᠴᠡ ᠬᠤᠳᠠᠯᠳᠤᠨ ᠠᠪᠳᠠᠭ ᠰᠢᠰᠲ᠋ᠧᠮ ᠲᠡᠢ ᠪᠠᠶᠢᠨ᠎ᠠ᠃ ᠪᠠᠷᠠᠭᠤᠨ ᠧᠦ᠋ᠷᠣᠫᠠᠶᠠᠫᠣᠨ ᠤ ᠠᠵᠤ ᠦᠢᠯᠡᠳᠪᠦᠷᠢᠯᠡᠭᠴᠢᠳ ᠲᠡᠢ ᠬᠠᠷᠢᠴᠠᠭᠤᠯᠪᠠᠯ ᠠᠮᠧᠷᠢᠺᠠ ᠶᠢᠨ ᠪᠢᠽᠢᠨ᠋ᠧᠰ ᠡᠷᠬᠢᠯᠡᠭᠴᠢᠳ ᠨᠢ ᠺᠠᠫᠢᠲ᠋ᠠᠯ ᠪᠣᠯᠤᠨ ᠦᠢᠯᠡ ᠠᠵᠢᠯᠯᠠᠭᠠᠨ ᠤ ᠬᠡᠮᠵᠢᠶ᠎ᠡ ᠶᠢ ᠥᠷᠭᠡᠵᠢᠭᠦᠯᠬᠦ᠂ ᠠᠵᠢᠯᠯᠠᠬᠤ ᠬᠦᠴᠦ ᠨᠡᠮᠡᠭᠳᠡᠭᠦᠯᠬᠦ᠂ ᠰᠢᠨ᠎ᠡ ᠪᠠᠷᠠᠭ᠎ᠠ ᠪᠦᠲᠦᠭᠡᠭᠳᠡᠬᠦᠨ ᠪᠣᠯᠪᠠᠰᠤᠷᠠᠭᠤᠯᠬᠤ ᠳᠤ ᠳᠠᠪᠠᠭᠤ ᠲᠠᠯ᠎ᠠ ᠲᠠᠢ ᠪᠠᠶᠢᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠤᠨ ᠺᠣᠮᠫᠠᠨᠢ ᠨᠤᠭᠤᠳ ᠨᠢ ᠺᠣᠮᠫᠢᠶᠦ᠋ᠲ᠋ᠧᠷᠠᠨᠠᠭᠠᠬᠤ ᠤᠬᠠᠭᠠᠨᠰᠠᠨᠰᠠᠷ ᠰᠤᠳᠤᠯᠤᠯᠪᠠᠲᠤᠯᠠᠨ ᠬᠠᠮᠠᠭᠠᠯᠠᠬᠤ ᠵᠡᠷᠭᠡ ᠰᠠᠯᠪᠤᠷᠢ ᠶᠢᠨ ᠲᠣᠨᠣᠭ ᠲᠥᠬᠥᠭᠡᠷᠦᠮᠵᠢ ᠪᠣᠯᠪᠠᠰᠤᠷᠠᠭᠤᠯᠤᠯᠲᠠ ᠪᠠᠷ ᠢᠶᠠᠨ ᠳᠡᠯᠡᠬᠡᠢ ᠳᠦ ᠲᠡᠷᠢᠭᠦᠯᠡᠳᠡᠭ ᠪᠠᠶᠢᠨ᠎ᠠ᠃ 1994-2000 ᠣᠨ ᠳᠤ ᠪᠦᠲᠦᠭᠡᠭᠳᠡᠬᠦᠨ ᠦᠢᠯᠡᠳᠪᠦᠷᠢᠯᠡᠯ ᠡᠷᠡᠰ ᠨᠡᠮᠡᠭᠳᠡᠵᠦ᠂ ᠢᠨᠹᠯᠢᠶᠠᠼ ᠤᠨ ᠲᠦᠪᠰᠢᠨ ᠪᠠᠭᠠᠰᠴᠣ᠂ ᠠᠵᠢᠯ ᠦᠭᠡᠢᠳᠡᠯ ᠦᠨ ᠬᠡᠮᠵᠢᠶ᠎ᠡ 5 ᠬᠤᠪᠢ ᠠᠴᠠ ᠳᠣᠣᠷ᠎ᠠ ᠪᠣᠯᠪᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "U.S. POPClock Projection". U.S. Census Bureau. Figure updated automatically.
  2. 2.0 2.1 2.2 2.3 United States. International Monetary Fund. 2011-10-09 ᠍ ᠳᠦ ᠬᠠᠨᠳᠤᠭᠰᠠᠨ᠃
  3. Human Development Report 2011. United Nations (2011). 5 November 2011 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠤᠨ ᠭᠠᠵᠠᠷ
ᠪᠤᠰᠤᠳ
ᠲᠡᠦᠬᠡ
ᠭᠠᠵᠠᠷ ᠤᠨ ᠵᠢᠷᠤᠭ
ᠠᠮᠧᠷᠢᠺᠠ ᠶᠢᠨ ᠨᠢᠭᠡᠳᠦᠭᠰᠡᠨ ᠤᠯᠤᠰ
United States of America (ᠠᠩᠭᠯᠢ)
ᠲᠤᠰᠠᠭᠠᠷ ᠲᠣᠭᠲᠠᠨᠢᠭᠰᠠᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠠᠩᠭᠯᠢ ᠪᠡᠷ In God We Trust
«ᠪᠢᠳᠡ ᠪᠤᠷᠬᠠᠨ ᠳᠤ ᠢᠲᠡᠭᠡᠳᠡᠭ»
ᠲᠥᠷᠥ ᠶᠢᠨ ᠳᠠᠭᠤᠯᠠᠯ ᠤᠨ ᠨᠡᠷ᠎ᠡ:
ᠠᠩᠭᠯᠢ ᠪᠡᠷ The Star-Spangled Banner
«ᠣᠳᠣᠳ ᠲᠦᠭᠡᠭᠰᠡᠨ ᠲᠤᠭ»

ᠳᠡᠯᠡᠬᠡᠢ ᠶᠢᠨ ᠲᠠᠯ᠎ᠠ ᠪᠥᠮᠪᠥᠷᠴᠡᠭ ᠲᠦ ᠠᠮᠧᠷᠢᠺᠠ ᠶᠢ ᠲᠣᠳᠣᠷᠠᠭᠤᠯᠵᠠᠢ
ᠳᠡᠯᠡᠬᠡᠢ ᠶᠢᠨ ᠲᠠᠯ᠎ᠠ ᠪᠥᠮᠪᠥᠷᠴᠡᠭ ᠲᠦ ᠠᠮᠧᠷᠢᠺᠠ ᠶᠢ ᠲᠣᠳᠣᠷᠠᠭᠤᠯᠵᠠᠢ
ᠨᠡᠶᠢᠰᠯᠡᠯᠸᠠᠰᠢᠩᠲ᠋ᠣᠨ
ᠲᠣᠮᠣ ᠬᠣᠲᠠ ᠨᠶᠤ-ᠢᠣᠷᠺ
ᠠᠯᠪᠠᠨ ᠬᠡᠯᠡ ᠪᠠᠶᠢᠬᠤ ᠦᠭᠡᠢ1</small>

ᠪᠢᠴᠢᠭᠡᠰᠦ