ᠠᠮᠠᠮᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
{{{ᠠᠯᠪᠠᠨ ᠶᠣᠰᠣᠨ ᠤ ᠨᠡᠷ᠎ᠡ}}}</br>

{{{ᠠᠯᠪᠠᠨ ᠶᠣᠰᠣᠨ ᠤ ᠨᠡᠷ᠎ᠡ}}} ᠍ ᠦᠨ ᠪᠠᠶᠢᠷᠢᠰᠢᠯ</br>

ᠤᠯᠤᠰ {{{ᠵᠠᠬᠢᠷᠭ᠎ᠠ ᠨᠡᠷ᠎ᠡ}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²

ᠠᠮᠠᠮᠠᠨ (ᠠᠷᠠᠪ ᠶᠢᠡᠷ عمان ‘Ammān) ᠨᠢ ᠢᠣᠷᠳᠠᠨᠨᠡᠶᠢᠰᠯᠡᠯ ᠬᠣᠲᠠ ᠶᠤᠮ᠃ ᠬᠦᠮᠦᠨ ᠠᠮᠠ ᠨᠢ 1 ᠰᠠᠶ᠎ᠠ 200 ᠮᠢᠩᠭ᠎ᠠ ᠭᠠᠷᠤᠢ ᠪᠥᠭᠡᠳ ᠤᠯᠤᠰ ᠤᠨ ᠢᠶᠠᠨ ᠬᠦᠮᠦᠨ ᠠᠮᠠ ᠶᠢᠨ 4 ᠍ ᠦ 1 ᠍ ᠶᠢ ᠡᠵᠡᠯᠡᠨ᠎ᠡ᠃ ᠢᠣᠷᠳᠠᠨ ᠤᠯᠤᠰ ᠤᠨ ᠡᠳ᠋ ᠍ ᠦᠨ ᠵᠠᠰᠠᠭ᠂ ᠤᠯᠤᠰ ᠲᠥᠷᠥ᠂ ᠠᠵᠤ ᠦᠢᠯᠡᠳᠪᠦᠷᠢ ᠶᠢᠨ ᠲᠥᠪ ᠬᠣᠲᠠ ᠪᠣᠯᠤᠨ᠎ᠠ᠃

ᠠᠮᠠᠮᠠᠨ ᠨᠢ ᠣᠷᠴᠢᠨ ᠦᠶ᠎ᠡ ᠶᠢᠨ ᠥᠨᠳᠥᠷ ᠪᠠᠷᠢᠯᠭ᠎ᠠ ᠨᠤᠭᠤᠳ ᠰᠦᠨᠳᠡᠷᠯᠡᠬᠦ ᠶᠢᠨ ᠵᠡᠷᠭᠡᠴᠡᠭᠡ ᠡᠷᠲᠡᠨ ᠦ ᠪᠠᠶᠢᠳᠠᠯ ᠢᠶᠠᠨ ᠬᠠᠳᠠᠭᠠᠯᠠᠵᠤ ᠦᠯᠡᠳᠡᠭᠰᠡᠨ ᠳᠡᠭᠦᠷᠭᠡ ᠨᠦᠭᠦᠳ ᠲᠡᠢ᠃ ᠢᠣᠷᠳᠠᠨ ᠭᠣᠣᠯ ᠳᠤ ᠣᠶᠢᠷᠠᠬᠠᠨ ᠤᠷᠤᠰᠢᠬᠤ ᠪᠥᠭᠡᠳ ᠶᠡᠰᠦᠰ ᠾᠷᠢᠰᠲ᠋ᠡᠶᠢᠭ ᠤᠭᠢᠶᠠᠭᠰᠠᠨ ᠭᠡᠬᠦ ᠭᠠᠵᠠᠷ ᠬᠦᠷᠲᠡᠯ᠎ᠡ ᠮᠠᠰᠢᠨ ᠢᠶᠠᠷ 45 ᠍ ᠬᠠᠨ ᠮᠢᠨᠦ᠋ᠲ ᠶᠠᠪᠤᠭᠠᠳ ᠬᠦᠷᠡᠳᠡᠭ ᠲᠤᠯᠠ ᠾᠷᠢᠰᠲ᠋ᠣᠰ ᠤᠨ ᠱᠠᠰᠢᠨᠲᠠᠨ ᠨᠤᠭᠤᠳ ᠣᠯᠠᠨ ᠢᠶᠠᠷ ᠢᠶᠠᠨ ᠵᠣᠴᠢᠯᠠᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠠᠮᠠᠨ ᠳᠠᠬᠢ ᠬᠧᠷᠬᠦᠯᠧᠰ ᠤᠨ ᠰᠦᠮ᠎ᠡ
ᠠᠮᠠᠮᠠᠨ ᠬᠣᠲᠠ ᠶᠢᠨ ᠪᠠᠶᠢᠳᠠᠯ

ᠠᠮᠠᠮᠠᠨ ᠬᠣᠲᠠ ᠶᠢᠨ ᠨᠤᠲᠤᠭ ᠨᠢ ᠰᠢᠨ᠎ᠡ ᠴᠢᠯᠠᠭᠤᠨ ᠵᠡᠪᠰᠡᠭ ᠦᠨ ᠦᠶ᠎ᠡ ᠪᠤᠶᠤ 9000 ᠵᠢᠯ ᠦᠨ ᠡᠮᠦᠨ᠎ᠡ ᠡᠴᠡ ᠪᠠᠶᠢᠩᠭᠤ ᠶᠢᠨ ᠣᠷᠣᠰᠢᠨ ᠰᠠᠭᠤᠭᠴᠢᠳ ᠲᠠᠢ ᠪᠣᠯᠵᠤ᠂ ᠡᠷᠲᠡᠨ ᠦ ᠶᠥᠭᠢᠫ ᠲᠤᠡᠶᠢᠨ ᠵᠠᠬᠢᠷᠭᠠᠨ ᠳᠤ ᠪᠠᠶᠢᠬᠤ ᠳᠤ ᠪᠠᠨ ᠠᠮᠤᠨ ᠪᠤᠶᠤ ᠠᠮᠡᠨ ᠪᠤᠷᠬᠠᠨ ᠤ ᠨᠡᠷ᠎ᠡ ᠪᠡᠷ ᠠᠮᠮᠣᠨ ᠬᠡᠮᠡᠨ ᠨᠡᠷᠡᠯᠡᠭᠳᠡᠵᠡᠢ᠃ ᠰᠢᠨ᠎ᠡ ᠭᠡᠷ ᠢᠶᠡᠨᠨᠳ ᠠᠮᠮᠣᠨᠴᠤᠳ ᠤᠨ ᠠᠮᠢᠳᠤᠷᠠᠳᠠᠭ ᠬᠣᠲᠠ (ᠷᠠᠪᠠ ᠪᠤᠶᠤ ᠷᠠᠪᠠᠲ) ᠬᠡᠮᠡᠬᠦ ᠨᠡᠷ᠎ᠡ ᠪᠡᠷ ᠪᠢᠴᠢᠭᠳᠡᠭᠰᠡᠨ ᠪᠠᠶᠢᠳᠠᠭ᠃ ᠤᠯᠠᠮ ᠢᠶᠠᠷ ᠵᠡᠦ ᠳᠦ ᠬᠡᠯᠡᠡᠭᠡᠷᠡ ᠷᠠᠪᠠᠲ ᠠᠮᠮᠣᠨ ᠬᠡᠮᠡᠨ ᠳᠠᠭᠤᠳᠠᠭᠳᠠᠬᠤ ᠪᠣᠯᠤᠭᠰᠠᠨ ᠲᠤᠰ ᠬᠣᠲᠠ ᠨᠢ ᠠᠰᠰᠢᠷ ᠤᠨ ᠡᠵᠡᠨᠲᠦ ᠤᠯᠤᠰᠫᠧᠷᠰ ᠦᠨ ᠡᠵᠡᠨᠲᠦ ᠤᠯᠤᠰᠮᠠᠺᠧᠳᠣᠨ ᠤ ᠡᠵᠡᠨᠲᠦ ᠤᠯᠤᠰ ᠍ ᠤᠨ ᠵᠠᠬᠢᠷᠭᠠᠨ ᠳᠤ ᠣᠷᠣᠵᠤ ᠶᠠᠪᠤᠭᠰᠠᠨ ᠪᠥᠭᠡᠳ ᠫᠲ᠋ᠣᠯᠧᠮᠧᠢᠶᠥᠭᠢᠫ ᠲᠤᠡᠶᠢᠨ ᠬᠠᠷᠠᠭᠠᠨ ᠳᠤ ᠪᠠᠶᠢᠬᠤ ᠳᠤ ᠪᠠᠨ ᠫᠲ᠋ᠣᠯᠧᠮᠧᠢ II ᠍ ᠤᠨ ᠹᠢᠯᠠᠳᠧᠯᠹᠣᠰ (Philadelphos) ᠍ ᠠᠴᠠ ᠭᠠᠷᠤᠯ ᠲᠠᠢ ᠭᠷᠧᠺ ᠬᠡᠯᠡᠨᠢᠭᠢ ᠹᠢᠯᠠᠳᠧᠯᠹᠢ ᠬᠡᠮᠡᠨ ᠨᠡᠷᠡᠯᠡᠭᠳᠡᠵᠦ ᠪᠠᠶᠢᠪᠠ᠃

ᠹᠢᠯᠠᠳᠧᠯᠹᠢ ᠨᠢ ᠮᠠᠨ ᠤ ᠡᠷᠡᠨ ᠦ ᠡᠮᠦᠨ᠎ᠡ 1 ᠍ ᠳᠦᠭᠡᠷ ᠵᠠᠭᠤᠨ ᠳᠤ ᠷᠤᠮᠠ ᠍ ᠤᠨ ᠡᠷᠬᠡᠰᠢᠶᠡᠯ ᠳᠦ ᠣᠷᠣᠵᠤ᠂ ᠷᠤᠮᠠᠨᠢᠶ ᠠ ᠡᠵᠡᠨᠲᠦ ᠭᠦᠷᠦᠨ ᠦ ᠨᠥᠯᠥᠭᠡ ᠪᠡᠷ ᠾᠷᠢᠰᠲ᠋ᠣᠰ ᠤᠨ ᠱᠠᠰᠢᠨ ᠨᠡᠪᠲᠡᠷᠡᠵᠡᠢ᠃ ᠭᠡᠪᠡᠴᠦ ᠣᠯᠠᠨ ᠤᠳᠠᠭ᠎ᠠ ᠶᠢᠨ ᠭᠠᠵᠠᠷ ᠬᠥᠳᠡᠯᠦᠯᠲᠡᠡᠶᠢᠨ ᠤᠯᠠᠮ ᠠᠴᠠ ᠲᠤᠰ ᠬᠣᠲᠠ ᠨᠢ ᠠᠭᠠᠵᠢᠮ ᠢᠶᠠᠷ ᠮᠥᠬᠦᠭᠰᠡᠨ ᠪᠠᠶᠢᠨ᠎ᠠ᠃

1887 ᠣᠨ ᠳᠤ ᠬᠠᠭᠠᠨᠲᠤ ᠣᠷᠣᠰ ᠤᠯᠤᠰ ᠍ ᠤᠨ ᠳᠠᠷᠤᠯᠠᠯ ᠠᠴᠠ ᠵᠢᠭᠤᠳᠠᠨ ᠤᠮᠠᠷᠠᠳᠤ ᠺᠠᠸᠬᠠᠰᠠ ᠠᠴᠠ ᠣᠳᠲᠠᠮᠠᠨ ᠤ ᠡᠵᠡᠨᠲᠦ ᠭᠦᠷᠦᠨ ᠦ ᠬᠠᠷᠢᠶ᠎ᠠ ᠰᠢᠷᠢᠢ ᠠ ᠳᠤ ᠳᠦᠷᠪᠡᠵᠦ ᠢᠷᠡᠭᠰᠡᠨ ᠴᠧᠷᠺᠧᠰᠴᠤᠤ ᠳᠤ ᠹᠢᠯᠠᠳᠧᠯᠹᠢ ᠬᠣᠲᠠ ᠶᠢᠨ ᠲᠤᠭᠤᠷᠢᠨ ᠳᠡᠭᠡᠷ᠎ᠡ ᠨᠤᠲᠤᠭᠯᠠᠵᠤ ᠡᠬᠢᠯᠡᠭᠰᠡᠨ ᠢᠶᠡᠷ ᠠᠮᠠᠮᠠᠨ ᠬᠣᠲᠠ ᠶᠢᠨ ᠰᠢᠨ᠎ᠡ ᠲᠡᠦᠬᠡ ᠪᠢᠴᠢᠭᠳᠡᠵᠦ ᠡᠬᠢᠯᠡᠵᠡᠢ᠃ 1900 ᠣᠨ ᠳᠤ ᠣᠳᠲᠠᠮᠠᠨ ᠤ ᠡᠵᠡᠨᠲᠦ ᠤᠯᠤᠰ ᠤᠨ ᠰᠤᠯᠲᠠᠨᠠᠪᠳᠤᠯᠬᠠᠮᠢᠳ II ᠨᠢ ᠳᠠᠮᠤᠰᠺᠠ ᠠᠴᠠ ᠮᠧᠳᠢᠨᠠ ᠬᠦᠷᠲᠡᠯ᠎ᠡ ᠲᠡᠮᠦᠷ ᠵᠠᠮ ᠪᠠᠷᠢᠬᠤ ᠲᠤᠰᠢᠶᠠᠯ ᠭᠠᠷᠭᠠᠭᠰᠠᠨ ᠪᠥᠭᠡᠳ ᠲᠤᠰ ᠲᠡᠮᠦᠷ ᠵᠠᠮ ᠤᠨ ᠨᠢᠭᠡ ᠥᠷᠲᠡᠭᠡ ᠨᠢ ᠠᠮᠠᠮᠠᠨ ᠳᠤ ᠪᠠᠶᠢᠷᠢᠯᠠᠵᠤ᠂ ᠡᠭᠦᠨ ᠢ ᠳᠠᠭᠠᠭᠠᠳ ᠲᠤᠰ ᠬᠣᠲᠠ ᠶᠢᠨ ᠬᠥᠭᠵᠢᠯ ᠲᠦᠷᠭᠡᠰᠴᠡᠢ᠃ 1921 ᠣᠨ ᠳᠤ ᠠᠩᠭᠯᠢ ᠍ ᠶᠢᠨ ᠬᠠᠷᠢᠶᠠᠨ ᠤ ᠰᠢᠨ᠎ᠡ ᠵᠠᠰᠠᠭ ᠵᠠᠬᠢᠷᠭᠠᠨ ᠤ ᠨᠢᠭᠡᠴᠡ ᠡᠭᠦᠰᠴᠢ᠂ ᠠᠮᠠᠮᠠᠨ ᠢ ᠨᠡᠶᠢᠰᠯᠡᠯ ᠢᠶᠡᠨ ᠪᠣᠯᠭᠠᠭᠰᠠᠨ ᠪᠠᠶᠢᠨ᠎ᠠ᠃

1946 ᠣᠨ ᠳᠤ ᠲᠷᠠᠨᠰ-ᠢᠣᠷᠳᠠᠨ ᠤ ᠬᠠᠭᠠᠨᠲᠤ ᠤᠯᠤᠰ ᠪᠤᠢ ᠪᠣᠯᠵᠤ᠂ ᠲᠤᠰᠠᠭᠠᠷ ᠲᠣᠭᠲᠠᠨᠢᠯ ᠢᠶᠠᠨ ᠣᠯᠤᠮᠠᠭᠴᠠ ᠨᠡᠶᠢᠰᠯᠡᠯ ᠬᠣᠲᠠ ᠨᠢ ᠪᠣᠯᠤᠭᠰᠠᠨ ᠬᠡᠳᠦᠢ ᠴᠤ ᠲᠡᠷᠡ ᠦᠶ᠎ᠡ ᠳᠦ ᠬᠦᠮᠦᠨ ᠠᠮᠠ ᠨᠢ ᠳᠥᠩᠭᠡᠵᠢ 20 ᠮᠢᠩᠭ᠎ᠠ ᠣᠷᠴᠢᠮ ᠪᠠᠶᠢᠯ᠎ᠠ᠃ 1949 ᠣᠨ ᠳᠤ ᠢᠰᠷᠸᠯ ᠤᠯᠤᠰ ᠤᠨ ᠲᠤᠰᠠᠭᠠᠷ ᠲᠣᠭᠲᠠᠨᠢᠯ ᠠᠴᠠ ᠡᠭᠦᠳᠦᠭᠰᠡᠨ ᠪᠥᠰᠡ ᠨᠤᠲᠤᠭ ᠤᠨ ᠲᠣᠭᠲᠠᠪᠤᠷᠢ ᠦᠭᠡᠢ ᠪᠠᠶᠢᠳᠠᠯ ᠤᠨ ᠳᠦᠩ ᠳᠦ ᠫᠠᠯᠧᠰᠲ᠋ᠠᠨᠢ ᠳᠦᠷᠪᠡᠭᠰᠡᠳ ᠢᠣᠷᠳᠠᠨ ᠭᠣᠣᠯ ᠤᠨ ᠪᠠᠷᠠᠭᠤᠨ ᠡᠷᠭᠢ ᠡᠴᠡ ᠢᠣᠷᠳᠠᠨ ᠷᠤ ᠴᠢᠳᠬᠤᠵᠤ᠂ ᠠᠮᠠᠮᠠᠨ ᠤ ᠬᠦᠮᠦᠨ ᠠᠮᠠ ᠡᠷᠡᠰ ᠥᠰᠴᠠᠢ᠃ 1990 ᠍ ᠊ᠭᠡᠳ ᠣᠨ ᠳᠤ ᠫᠠᠯᠧᠰᠲ᠋ᠠᠨᠢᠷᠠᠺ ᠵᠡᠷᠭᠡ ᠤᠯᠤᠰ ᠤᠳ ᠠᠴᠠ ᠳᠦᠷᠪᠡᠭᠰᠡᠳ᠂ ᠰᠢᠯᠵᠢᠨ ᠰᠠᠭᠤᠷᠢᠰᠢᠭᠴᠢᠳ ᠲᠥᠪᠯᠡᠷᠡᠵᠦ᠂ ᠠᠮᠠᠮᠠᠨ ᠬᠣᠲᠠ ᠨᠢ ᠪᠠᠷᠠᠭᠤᠨ ᠲᠡᠰᠢ ᠬᠤᠷᠳᠤᠴᠠ ᠲᠠᠢ ᠪᠠᠷ ᠲᠡᠯᠡᠵᠦ ᠪᠤᠢ᠃ ᠡᠭᠦᠨ ᠦ ᠤᠯᠠᠮ ᠠᠴᠠ ᠬᠣᠲᠠ ᠶᠢᠨ ᠤᠰᠤᠨ ᠬᠠᠩᠭᠠᠮᠵᠢ ᠬᠦᠷᠦᠯᠴᠡᠭᠡ ᠦᠭᠡᠢ ᠪᠣᠯᠵᠤ ᠡᠬᠢᠯᠡᠵᠦ ᠪᠠᠶᠢᠭ᠎ᠠ᠃

ᠫᠠᠯᠧᠰᠲ᠋ᠠᠨ ᠤ ᠴᠢᠯᠦᠭᠡᠯᠡᠬᠦ ᠪᠠᠶᠢᠭᠤᠯᠤᠯᠭ᠎ᠠ (PLO) ᠍ ᠤᠨ ᠲᠥᠪ ᠨᠢ 1970 ᠣᠨ ᠳᠤ ᠭᠠᠷᠤᠭᠰᠠᠨ ᠢᠣᠷᠳᠠᠨ ᠤ ᠢᠷᠭᠡᠨ ᠦ ᠳᠠᠶᠢᠨᠢ ᠤᠯᠠᠮ ᠠᠴᠠ ᠯᠸᠪᠠᠨᠤᠨ ᠷᠤ ᠬᠥᠭᠡᠭᠡᠭᠳᠡᠬᠦ ᠬᠦᠷᠲᠡᠯ᠎ᠡ ᠠᠮᠠᠮᠠᠨ ᠳᠤ ᠪᠠᠶᠢᠭᠰᠠᠨ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠠᠮᠠᠨ ᠬᠣᠲᠠ ᠨᠢ ᠢᠣᠷᠳᠠᠨ ᠤ ᠪᠠᠷᠠᠭᠤᠨ ᠬᠣᠶᠢᠳᠤ ᠬᠡᠰᠡᠭ ᠲᠦ᠂ ᠳᠣᠪᠣ ᠲᠣᠯᠣᠭᠠᠳ ᠶᠡᠬᠡ ᠲᠡᠢ ᠪᠥᠰᠡ ᠨᠤᠲᠤᠭ ᠲᠤ ᠣᠷᠣᠰᠢᠨ᠎ᠠ᠃ ᠠᠩᠬ᠎ᠠ ᠲᠤᠰ ᠬᠣᠲᠠ ᠨᠢ ᠳᠣᠯᠣᠭᠠᠨ ᠲᠣᠯᠣᠭᠠᠢ ᠳᠡᠭᠡᠷ᠎ᠡ ᠪᠠᠶᠢᠭᠤᠯᠤᠭᠳᠠᠭᠰᠠᠨ ᠪᠣᠯᠪᠠᠴᠤ ᠡᠳᠦᠭᠡ ᠣᠶᠢᠷ᠎ᠠ ᠣᠷᠴᠢᠮ ᠤᠨ 19 ᠲᠣᠯᠣᠭᠠᠢ ᠬᠦᠷᠲᠡᠯ᠎ᠡ ᠭᠠᠵᠠᠷ ᠨᠤᠲᠤᠭ ᠢᠶᠠᠨ ᠲᠡᠯᠡᠵᠡᠢ᠃

ᠵᠠᠮ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠠᠮᠠᠨ ᠤ ᠬᠠᠭᠤᠴᠢᠨ ᠬᠣᠲᠠ

ᠠᠮᠠᠮᠠᠨ ᠬᠣᠲᠠ ᠶᠢᠨ ᠲᠩᠷᠢ ᠳᠦ ᠭᠠᠷᠬᠤ ᠭᠠᠷᠴᠠ ᠨᠢ ᠬᠣᠲᠠ ᠶᠢᠨ ᠲᠥᠪ ᠡᠴᠡ ᠡᠮᠦᠨ᠎ᠡ ᠵᠦᠭ ᠲᠤ ᠮᠠᠰᠢᠨ ᠢᠶᠠᠷ 30 ᠣᠷᠴᠢᠮ ᠮᠢᠨᠦ᠋ᠲ ᠤᠨ ᠵᠠᠢ ᠳᠤ ᠪᠠᠶᠢᠬᠤ ᠺᠦᠢ ᠶᠢᠨ ᠠᠷᠧᠠ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠪᠣᠯᠤᠨ᠎ᠠ᠃

ᠭᠠᠵᠠᠷ ᠤᠨ ᠲᠡᠭᠡᠭᠡᠪᠦᠷᠢ ᠶᠢᠨ ᠬᠤᠪᠢ ᠳᠤ᠂ ᠢᠣᠷᠳᠠᠨ ᠤ ᠪᠤᠰᠤᠳ ᠬᠣᠲᠠ ᠨᠤᠭᠤᠳ ᠪᠣᠯᠤᠨ ᠬᠥᠷᠰᠢ ᠤᠯᠤᠰ ᠤᠳ ᠤᠨ ᠬᠣᠲᠠ ᠨᠤᠭᠤᠳ ᠷᠤ ᠠᠦ᠋ᠲ᠋ᠣᠪᠦ᠋ᠰ ᠲᠣᠭᠲᠠᠮᠠᠯ ᠶᠠᠪᠤᠳᠠᠭ᠃ ᠢᠷᠠᠺ ᠵᠡᠷᠭᠡ ᠬᠥᠷᠰᠢ ᠣᠷᠣᠨ ᠨᠤᠭᠤᠳ ᠷᠤ ᠲᠠᠺᠰᠢᠭᠠ ᠪᠠᠷ ᠴᠤ ᠶᠠᠪᠤᠬᠤ ᠪᠣᠯᠤᠮᠵᠢ ᠲᠠᠢ᠃ ᠣᠳᠲᠠᠮᠠᠨ ᠤ ᠡᠵᠡᠨᠲᠦ ᠤᠯᠤᠰ ᠤᠨ ᠦᠶ᠎ᠡ ᠳᠦ ᠪᠠᠷᠢᠭᠳᠠᠭᠰᠠᠨ ᠲᠡᠮᠦᠷ ᠵᠠᠮ ᠠᠴᠠ ᠳᠠᠮᠤᠰᠺ-ᠠᠮᠠᠮᠠᠨ ᠤ ᠬᠣᠭᠣᠷᠣᠨᠳᠣᠬᠢ ᠬᠡᠰᠡᠭ ᠨᠢ ᠣᠳᠣ ᠠᠵᠢᠯᠯᠠᠳᠠᠭ ᠴᠤ ᠳᠣᠯᠣᠭ᠎ᠠ ᠬᠣᠨᠣᠭ ᠲᠤ ᠬᠡᠳᠦᠬᠡᠨ ᠴᠤᠪᠤᠭ᠎ᠠ ᠶᠠᠪᠤᠳᠠᠭ᠃

ᠵᠢᠷᠤᠭ ᠤᠨ ᠴᠣᠮᠣᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Amman
http://wiki.uhaan.com/index.php?title=ᠠᠮᠠᠮᠠᠨ&oldid=405085》 ᠍  ᠡᠴᠡ ᠠᠪᠤᠭᠰᠠᠨ

ᠪᠢᠴᠢᠭᠡᠰᠦ