ᠠᠭᠲᠠ ᠠᠷᠠᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Weisheitszähne-1.jpg

ᠠᠭᠲᠠ ᠠᠷᠠᠭ᠎ᠠ ᠰᠢᠳᠦ ᠨᠢ ᠪᠠᠯᠴᠢᠷ ᠨᠠᠰᠤᠨ ᠠᠴᠠ ᠥᠰᠪᠦᠷᠢ ᠨᠠᠰᠤ ᠬᠦᠷᠲᠡᠯ᠎ᠡ ᠰᠢᠳᠦᠯᠡᠳᠡᠭ ᠲᠡᠯ᠎ᠡ ᠲᠥᠪ ᠦᠨ ᠡᠭᠦᠳᠡᠨ ᠰᠢᠳᠦ᠂ ᠬᠠᠵᠠᠭᠤ ᠶᠢᠨ ᠡᠭᠦᠳᠡᠨ ᠰᠢᠳᠦ᠂ ᠨᠢᠭᠡᠳᠦᠭᠡᠷ ᠠᠷᠠᠭ᠎ᠠ ᠰᠢᠳᠦ᠂ ᠪᠠᠭ᠎ᠠ ᠠᠷᠠᠭ᠎ᠠ ᠰᠢᠳᠦ᠂ ᠰᠣᠶᠣᠭ᠎ᠠ ᠲᠡᠭᠡᠭᠡᠳ ᠬᠣᠶᠠᠳᠤᠭᠠᠷ ᠠᠷᠠᠭ᠎ᠠ ᠰᠢᠳᠦ᠂ ᠬᠠᠮᠤᠭ ᠤᠨ ᠰᠡᠭᠦᠯ ᠳᠦ ᠠᠭᠲᠠ ᠠᠷᠠᠭ᠎ᠠ ᠰᠢᠳᠦ ᠭᠠᠷᠳᠠᠭ᠃ ᠡᠳᠡᠭᠡᠷ ᠡᠴᠡ ᠬᠠᠮᠤᠭ ᠤᠨ ᠣᠶᠢᠯᠠᠭᠠᠮᠵᠢ ᠦᠭᠡᠢ ᠪᠣᠯᠪᠠᠴᠤ ᠠᠩᠵᠠᠭᠠᠷᠠᠬᠤ ᠶᠢᠨ ᠠᠷᠭ᠎ᠠ ᠦᠭᠡᠢ ᠨᠢ ᠬᠠᠮᠤᠭ ᠤᠨ ᠰᠡᠭᠦᠯ ᠦᠨ ᠰᠢᠳᠦ ᠪᠤᠶᠤ ᠠᠭᠲᠠ ᠠᠷᠠᠭ᠎ᠠ ᠰᠢᠳᠦ ᠶᠤᠮ᠃ ᠰᠢᠳᠦᠨ ᠦ ᠮᠡᠷᠭᠡᠵᠢᠯ ᠦᠨ ᠰᠠᠯᠪᠤᠷᠢ ᠶᠢᠨ ᠬᠢᠨ ᠲᠡᠭᠦᠨ ᠢ ᠶᠡᠬᠡᠩᠬᠢ ᠳᠦ ᠪᠡᠨ ᠭᠤᠷᠪᠠᠳᠤᠭᠠᠷ ᠶᠡᠬᠡ ᠠᠷᠠᠭ᠎ᠠ ᠰᠢᠳᠦ ᠭᠡᠵᠦ ᠲᠣᠮᠢᠶᠠᠯᠠᠳᠠᠭ ᠪᠥᠭᠡᠳ ᠡᠷᠡᠦ ᠪᠠ ᠬᠣᠩᠰᠢᠶᠠᠷ ᠤᠨ ᠰᠢᠳᠦᠨ ᠦ ᠡᠩᠨᠡᠭᠡᠨ ᠦ ᠬᠠᠮᠤᠭ ᠤᠨ ᠠᠷᠤ ᠶᠢᠨ ᠵᠠᠢ ᠳᠤ ᠤᠷᠭᠤᠳᠠᠭ ᠰᠢᠳᠦ ᠶᠤᠮ᠃ ᠵᠠᠷᠢᠮ ᠨᠢᠭᠡ ᠬᠦᠮᠦᠨ ᠦ ᠬᠤᠪᠢ ᠳᠤ ᠠᠭᠲᠠ ᠠᠷᠠᠭ᠎ᠠ ᠰᠢᠳᠦ ᠨᠢ ᠣᠭᠲᠣ ᠠᠩᠵᠠᠭᠠᠷᠠᠭᠳᠠᠯ ᠦᠭᠡᠢ ᠤᠷᠭᠤᠳᠠᠭ ᠪᠣᠯ ᠶᠡᠬᠡᠩᠬᠢ ᠬᠦᠮᠦᠰ ᠲᠦ ᠡᠨᠡ ᠰᠢᠳᠦ ᠨᠢ ᠤᠷᠭᠤᠬᠤ ᠦᠶ᠎ᠡ ᠳᠡᠭᠡᠨ ᠡᠪᠡᠳᠦᠯᠲᠡ᠂ ᠬᠠᠯᠳᠠᠪᠤᠷᠢ ᠲᠠᠭ᠎ᠠ ᠦᠭᠡᠢ ᠪᠠᠶᠢᠳᠠᠯ ᠡᠭᠦᠰᠭᠡᠬᠦ ᠲᠡᠳᠦᠢ ᠦᠭᠡᠢ ᠲᠣᠮᠣᠬᠠᠨ ᠠᠰᠠᠭᠤᠳᠠᠯ ᠳᠠᠭᠠᠭᠤᠯᠬᠤ ᠨᠢ ᠴᠤ ᠪᠤᠢ᠃

ᠠᠭᠲᠠ ᠠᠷᠠᠭ᠎ᠠ ᠰᠢᠳᠦ ᠬᠡᠵᠢᠶ᠎ᠡ ᠬᠠᠮᠢᠭ᠎ᠠ ᠰᠢᠳᠦᠯᠡᠵᠦ ᠭᠠᠷᠴᠤ ᠢᠷᠡᠳᠡᠭ ᠪᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠪᠣᠯᠭᠠᠨ ᠳᠤ ᠳᠥᠷᠪᠡᠨ ᠰᠢᠷᠬᠡᠭ ᠠᠭᠲᠠ ᠠᠷᠠᠭ᠎ᠠ ᠰᠢᠳᠦ ᠪᠠᠶᠢᠬᠤ ᠪᠥᠭᠡᠳ ᠬᠣᠩᠰᠢᠶᠠᠷ ᠪᠠ ᠡᠷᠡᠭᠦᠨ ᠦ ᠰᠢᠳᠦᠨ ᠦ ᠡᠩᠨᠡᠭᠡᠨ ᠦ ᠬᠠᠮᠤᠭ ᠤᠨ ᠠᠷᠤ ᠶᠢᠨ ᠵᠠᠢ ᠶᠢᠨ ᠳᠤ ᠰᠢᠳᠦᠯᠡᠳᠡᠭ᠃ ᠠᠮᠧᠷᠢᠺᠠ ᠶᠢᠨ ᠰᠢᠳᠦᠨ ᠦ ᠡᠮᠴᠢ ᠨᠠᠷ ᠤᠨ ᠬᠣᠯᠪᠣᠭᠠᠨ ᠤ ᠮᠡᠳᠡᠭᠡᠯᠡᠯ ᠢᠶᠡᠷ ᠡᠨᠡ ᠰᠢᠳᠦ ᠨᠢ ᠶᠡᠬᠡᠩᠬᠢ ᠳᠦ ᠪᠡᠨ 17-21 ᠨᠠᠰᠤᠨ ᠳᠤ ᠰᠢᠳᠦᠯᠡᠳᠡᠭ᠃ ᠠᠮᠧᠷᠢᠺᠠ ᠶᠢᠨ ᠠᠨ᠋ᠧᠰᠲ᠋ᠧᠽᠢᠣᠯᠣᠭᠢ ᠡᠮᠴᠢ ᠨᠠᠷ ᠤᠨ ᠬᠣᠯᠪᠣᠭᠠᠨ ᠤ ᠭᠡᠰᠢᠭᠦᠨ Fred Quarnstrom ᠡᠮᠴᠢ ᠠᠭᠲᠠ ᠠᠷᠠᠭ᠎ᠠ ᠰᠢᠳᠦ ᠨᠢ ᠴᠥᠭᠡᠨ ᠲᠣᠬᠢᠶᠠᠯᠳᠤᠯ ᠳᠤ ᠵᠥᠪᠬᠡᠨ ᠰᠢᠳᠦᠨ ᠦ ᠬᠡᠰᠡᠭ ᠨᠢ ᠯᠠ ᠴᠤᠬᠤᠶᠢᠭᠰᠠᠨ ᠪᠠᠶᠢᠳᠠᠯ ᠲᠠᠢ ᠲᠣᠬᠢᠶᠠᠯᠳᠤᠳᠠᠭ ᠪᠣᠯ ᠶᠡᠬᠡᠩᠬᠢ ᠳᠦ ᠪᠡᠨ ᠰᠢᠳᠦᠯᠡᠵᠦ ᠭᠠᠷᠴᠤ ᠢᠷᠡᠯ ᠦᠭᠡᠢ ᠪᠡᠷ ᠪᠤᠶᠢᠯᠠᠨ ᠳᠣᠲᠣᠷ᠎ᠠ ᠦᠯᠡᠳᠡᠳᠡᠭ ᠭᠡᠵᠦ ᠲᠠᠶᠢᠯᠪᠤᠷᠢᠯᠠᠵᠤ ᠪᠠᠶᠢᠨ᠎ᠠ᠃ ᠡᠶᠢᠨᠬᠦᠦ ᠪᠤᠶᠢᠯᠠᠨ ᠠᠴᠠ ᠴᠤᠬᠤᠶᠢᠯ ᠦᠭᠡᠢ ᠶᠠᠰᠤ ᠪᠣᠯᠤᠨ ᠪᠤᠰᠤᠳ ᠪᠤᠶᠢᠯᠠᠨ ᠤ ᠡᠳ᠋ ᠍ ᠢᠶᠡᠷ ᠬᠤᠴᠢᠭᠳᠠᠨ ᠦᠯᠡᠳᠡᠭᠰᠡᠨ ᠠᠭᠲᠠ ᠠᠷᠠᠭ᠎ᠠ ᠰᠢᠳᠦ ᠶᠢ 《ᠰᠠᠭᠠᠲᠠᠭᠰᠠᠨ ᠠᠭᠲᠠ ᠠᠷᠠᠭ᠎ᠠ》 ᠭᠡᠵᠦ ᠨᠡᠷᠡᠯᠡᠳᠡᠭ᠃

ᠠᠭᠲᠠ ᠠᠷᠠᠭ᠎ᠠ ᠰᠢᠳᠦ ᠵᠠᠪᠠᠯ ᠰᠢᠳᠦᠯᠡᠬᠦ ᠱᠠᠭᠠᠷᠳᠠᠯᠭ᠎ᠠ ᠲᠠᠢ ᠤᠤ?[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠲᠠ ᠠᠷᠠᠭ᠎ᠠ ᠰᠢᠳᠦ ᠨᠢ ᠶᠡᠬᠡᠩᠬᠢ ᠳᠦ ᠪᠡᠨ ᠲᠣᠮᠣᠬᠠᠨ ᠠᠰᠠᠭᠤᠳᠠᠯ ᠳᠠᠭᠠᠭᠤᠯᠳᠠᠭ ᠪᠥᠭᠡᠳ ᠵᠠᠵᠢᠯᠬᠤ ᠦᠢᠯᠡ ᠠᠵᠢᠯᠯᠠᠭᠠᠨ ᠳᠤ ᠪᠠᠷᠤᠭ ᠠᠴᠢ ᠬᠣᠯᠪᠣᠭᠳᠠᠯ ᠦᠭᠡᠢ ᠲᠤᠯᠠ ᠰᠢᠳᠦᠨ ᠦ ᠡᠮᠴᠢ ᠨᠠᠷ ᠤᠨ ᠬᠤᠪᠢ ᠳᠤ ᠲᠡᠭᠦᠨ ᠦ ᠡᠭᠦᠷᠭᠡ ᠨᠢ ᠪᠠᠶᠢᠩᠭᠤ ᠡᠷᠭᠢᠴᠡᠭᠦᠯᠦᠨ ᠪᠣᠳᠣᠬᠤ ᠱᠠᠭᠠᠷᠳᠠᠯᠭ᠎ᠠ ᠭᠠᠷᠳᠠᠭ ᠠᠰᠠᠭᠤᠳᠠᠯ ᠤᠳ ᠤᠨ ᠨᠢᠭᠡ ᠶᠠᠭᠤᠮ᠎ᠠ᠃ ᠠᠭᠲᠠ ᠠᠷᠠᠭ᠎ᠠ ᠰᠢᠳᠦ ᠨᠢ ᠬᠦᠮᠦᠨ ᠦ ᠪᠤᠰᠤᠳ ᠰᠢᠳᠦ ᠰᠢᠭ ᠬᠡᠦᠬᠡᠳ ᠢ ᠲᠥᠷᠥᠬᠦ ᠦᠶ᠎ᠡ ᠳᠦ ᠡᠰᠡᠪᠡᠯ ᠲᠥᠷᠥᠬᠦ ᠡᠴᠡ ᠡᠮᠦᠨ᠎ᠡ ᠡᠬᠢ ᠡᠭᠦᠰᠪᠦᠷᠢ ᠨᠢ ᠲᠠᠯᠪᠢᠭᠳᠠᠳᠠᠭ ᠦᠭᠡᠢ ᠪᠥᠭᠡᠳ ᠬᠡᠦᠬᠡᠳ ᠦᠨ ᠳᠣᠯᠣᠭ᠎ᠠ ᠣᠷᠴᠢᠮ ᠨᠠᠰᠤᠲᠠᠢ ᠪᠠᠶᠢᠬᠤ ᠠᠴᠠ ᠤᠷᠭᠤᠵᠤ ᠡᠬᠢᠯᠡᠳᠡᠭ ᠭᠡᠨ᠎ᠡ᠃ ᠬᠦᠮᠦᠨ ᠦ ᠲᠡᠦᠬᠡ ᠶᠢᠨ ᠡᠷᠲᠡ ᠦᠶ᠎ᠡ ᠳᠦ ᠬᠣᠭᠣᠯᠠ ᠬᠦᠨᠡᠰᠦ ᠢᠯᠡᠭᠦᠦ ᠬᠠᠲᠠᠭᠤᠯᠢᠭ ᠪᠠᠶᠢᠭᠰᠠᠨ ᠪᠥᠭᠡᠳ ᠬᠠᠲᠠᠭᠤ ᠬᠣᠭᠣᠯᠠ ᠬᠦᠨᠡᠰᠦ ᠶᠢ ᠪᠠᠶᠢᠩᠭᠤ ᠵᠠᠵᠢᠯᠤᠭᠰᠠᠨ ᠤ ᠤᠯᠠᠮ ᠠᠴᠠ ᠶᠡᠬᠡ ᠠᠷᠠᠭ᠎ᠠ ᠰᠢᠳᠦᠨ ᠨᠦᠭᠦᠳ ᠶᠠᠭᠠᠬᠢᠭᠠᠴᠢ ᠦᠭᠡᠢ ᠪᠡᠷ ᠲᠦ ᠡᠯᠡᠭᠳᠡᠵᠦ ᠳᠠᠭᠤᠰᠬᠤ ᠳᠤ ᠠᠭᠲᠠ ᠠᠷᠠᠭ᠎ᠠ ᠰᠢᠳᠦ ᠲᠡᠭᠦᠨ ᠦ ᠣᠷᠣᠨ ᠳᠤ ᠤᠷᠭᠤᠨ ᠭᠠᠷᠴᠤ ᠢᠷᠡᠵᠦ ᠡᠭᠦᠷᠭᠡ ᠶᠢ ᠨᠢ ᠣᠷᠣᠯᠠᠨ ᠭᠦᠢᠴᠡᠳᠭᠡᠳᠡᠭ ᠪᠠᠶᠢᠭᠰᠠᠨ ᠪᠠᠶᠢᠵᠤ ᠪᠣᠯᠵᠣᠰᠢ ᠦᠭᠡᠢ ᠭᠡᠰᠡᠨ ᠲᠠᠭᠠᠮᠠᠭᠯᠠᠯ ᠪᠠᠶᠢᠳᠠᠭ᠃ ᠭᠡᠲᠡᠯ᠎ᠡ ᠥᠨᠥ ᠦᠶ᠎ᠡ ᠳᠦ ᠬᠣᠭᠣᠯᠠ ᠬᠦᠨᠡᠰᠦ ᠵᠥᠭᠡᠯᠡᠨ ᠪᠣᠯᠰᠠᠨ᠎ᠠ ᠪᠠᠷ ᠠᠷᠠᠭ᠎ᠠ ᠰᠢᠳᠦ ᠡᠯᠡᠭᠳᠡᠬᠦ ᠠᠰᠠᠭᠤᠳᠠᠯ ᠦᠭᠡᠢ ᠪᠣᠯᠵᠠᠢ᠃ ᠡᠭᠦᠨ ᠦ ᠤᠯᠠᠮ ᠠᠴᠠ ᠠᠭᠲᠠ ᠠᠷᠠᠭ᠎ᠠ ᠰᠢᠳᠦ ᠤᠷᠭᠤᠬᠤ ᠣᠷᠣᠨ ᠵᠠᠢ ᠪᠠᠶᠢᠬᠤ ᠦᠭᠡᠢ ᠪᠣᠯᠤᠭᠰᠠᠨ ᠪᠠᠶᠢᠨ᠎ᠠ᠃

ᠠᠭᠲᠠ ᠠᠷᠠᠭ᠎ᠠ ᠰᠢᠳᠦ ᠤᠷᠭᠤᠬᠤ ᠦᠶ᠎ᠡ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠲᠠ ᠠᠷᠠᠭ᠎ᠠ ᠰᠢᠳᠦ ᠤᠷᠭᠤᠬᠤ ᠨᠢ ᠶᠡᠬᠡᠩᠬᠢ ᠳᠦ ᠪᠡᠨ ᠲᠡᠰᠪᠦᠷᠢᠯᠡᠬᠦ ᠶᠢᠨ ᠠᠷᠭ᠎ᠠ ᠦᠭᠡᠢ ᠡᠪᠡᠳᠦᠯᠲᠡ᠂ ᠪᠤᠶᠢᠯᠠᠨ ᠤ ᠰᠢᠳᠦᠨ ᠦ ᠣᠷᠴᠢᠮ ᠤᠨ ᠬᠠᠯᠳᠠᠪᠤᠷᠢ ᠶᠢᠨ ᠭᠣᠯᠣᠮᠲᠠ᠂ ᠪᠤᠶᠢᠯᠠᠨ ᠤ ᠦᠷᠪᠢᠰᠦᠯ ᠪᠠ ᠰᠢᠳᠦᠨ ᠦ ᠴᠣᠭᠣᠷᠠᠯ ᠲᠠᠢ ᠬᠠᠪᠰᠤᠷᠤᠨ ᠶᠠᠪᠤᠭᠳᠠᠳᠠᠭ᠃ ᠡᠳᠡᠭᠡᠷ ᠡᠪᠡᠳᠴᠢᠨ ᠡᠮᠭᠡᠭ ᠪᠠ ᠬᠦᠨᠳᠦᠷᠡᠯ ᠦᠳ ᠦᠨ ᠵᠠᠷᠢᠮ ᠨᠢᠭᠡ ᠨᠢ ᠠᠭᠲᠠ ᠠᠷᠠᠭ᠎ᠠ ᠰᠢᠳᠦ ᠰᠢᠳᠦᠨ ᠦ ᠡᠩᠨᠡᠭᠡᠨ ᠦ ᠬᠠᠮᠤᠭ ᠤᠨ ᠬᠣᠶᠢᠨ᠎ᠠ ᠪᠠᠶᠢᠷᠢᠯᠠᠬᠤ ᠤᠴᠢᠷ ᠤᠭᠢᠶᠠᠬᠤ ᠳᠤ ᠬᠦᠨᠳᠦᠷᠡᠯᠲᠡᠢ ᠠᠰᠠᠭᠤᠳᠠᠯ ᠲᠠᠢ ᠬᠣᠯᠪᠣᠭ᠎ᠠ ᠲᠠᠢ ᠪᠠᠶᠢᠬᠤ ᠨᠢ ᠪᠤᠢ᠃ ᠡᠶᠢᠮᠦ ᠳᠦ ᠠᠭᠲᠠ ᠠᠷᠠᠭ᠎ᠠ ᠰᠢᠳᠦ ᠶᠢ ᠤᠭᠢᠶᠠᠬᠤ ᠳᠤ ᠪᠠᠨ ᠵᠣᠷᠢᠭᠤᠯᠤᠯᠲᠠ ᠶᠢᠨ ᠤᠷᠲᠤ ᠪᠠᠷᠢᠭᠤᠯ ᠲᠠᠢ ᠨᠢᠮᠭᠡᠨ ᠱᠤᠸᠠᠵᠠ ᠠᠰᠢᠭᠯᠠᠬᠤ ᠬᠡᠷᠡᠭᠲᠡᠢ᠃ ᠠᠭᠲᠠ ᠠᠷᠠᠭᠠᠨ ᠤ ᠪᠠᠰᠠ ᠨᠢᠭᠡ ᠲᠣᠮᠣᠬᠠᠨ ᠠᠰᠠᠭᠤᠳᠠᠯ ᠨᠢ ᠰᠠᠭᠠᠲᠠᠭᠰᠠᠨ ᠠᠭᠲᠠ ᠠᠷᠠᠭ᠎ᠠ ᠰᠢᠳᠦᠨ ᠦ ᠣᠶᠢᠷᠠᠯᠴᠠᠭ᠎ᠠ ᠡᠷᠡᠭᠦᠨ ᠦ ᠶᠠᠰᠤᠨ ᠳᠤ ᠤᠬᠢᠯᠠᠩᠬᠠᠢ ᠪᠤᠶᠤ ᠺᠢᠰᠲᠠ ᠪᠠᠶᠢᠬᠤ ᠶᠠᠪᠤᠳᠠᠯ ᠶᠤᠮ᠃ ᠡᠨᠡᠬᠦ ᠺᠢᠰᠲᠠ ᠨᠢ ᠡᠷᠡᠭᠦᠨ ᠦ ᠶᠠᠰᠤ ᠶᠢ ᠢᠳᠡᠵᠦ ᠬᠠᠲ᠋ᠢᠩ ᠢᠶᠠᠷᠰᠢᠭᠤᠯᠬᠤ ᠪᠥᠭᠡᠳ ᠮᠡᠳᠡᠷᠡᠯ ᠢ ᠳᠠᠷᠤᠵᠤ ᠦᠷᠪᠢᠰᠦᠭᠦᠯᠳᠡᠭ᠃ ᠠᠭᠲᠠ ᠠᠷᠠᠭ᠎ᠠ ᠰᠢᠳᠦ ᠲᠡᠢ ᠬᠣᠯᠪᠣᠭᠠᠲᠠᠢ ᠠᠰᠠᠭᠤᠳᠠᠯ ᠨᠢ ᠵᠥᠪᠬᠡᠨ ᠠᠭᠲᠠ ᠠᠷᠠᠭ᠎ᠠ ᠶᠢ ᠠᠪᠤᠭᠰᠠᠨ ᠲᠣᠬᠢᠶᠠᠯᠳᠤᠯ ᠳᠤ ᠯᠠ ᠵᠦᠭᠡᠷ ᠪᠣᠯᠤᠨ᠎ᠠ᠃ ᠡᠶᠢᠮᠦ ᠳᠦ ᠰᠢᠳᠦᠨ ᠦ ᠡᠮᠴᠢ ᠨᠠᠷ ᠰᠢᠯᠵᠢᠯᠲᠡ ᠶᠢᠨ ᠨᠠᠰᠤᠨ ᠤ ᠲᠡᠭᠦᠰᠬᠡᠯ ᠢᠶᠡᠷ ᠪᠤᠶᠤ 20 ᠨᠠᠰᠤᠨ ᠠᠴᠠ ᠡᠮᠦᠨ᠎ᠡ᠂ ᠠᠭᠲᠠ ᠠᠷᠠᠭ᠎ᠠ ᠰᠢᠳᠦ ᠶᠢ ᠠᠰᠠᠭᠤᠳᠠᠯ ᠡᠭᠦᠰᠬᠡᠬᠦ ᠡᠴᠡ ᠨᠢ ᠡᠮᠦᠨ᠎ᠡ ᠠᠪᠬᠠᠭᠤᠯᠬᠤ ᠶᠢ ᠵᠥᠪᠯᠡᠳᠡᠭ᠃ ᠶᠠᠭ ᠡᠨᠡ ᠨᠠᠰᠤᠨ ᠳᠡᠭᠡᠷ᠎ᠡ ᠠᠭᠲᠠ ᠠᠷᠠᠭ᠎ᠠ ᠰᠢᠳᠦᠨ ᠦ ᠶᠣᠵᠣᠭᠣᠷ ᠡᠷᠡᠭᠦᠨ ᠦ ᠶᠠᠰᠤᠨ ᠳᠤ ᠭᠦᠨ ᠰᠠᠭᠤᠵᠤ ᠤᠷᠭᠤᠭ᠎ᠠ ᠦᠭᠡᠢ ᠪᠠᠶᠢᠬᠤ ᠲᠤᠯᠠ ᠬᠣᠵᠢᠭᠤ ᠦᠶ᠎ᠡ ᠶᠢ ᠪᠣᠳᠣᠪᠠᠯ ᠢᠯᠡᠭᠦᠦ ᠬᠢᠯᠪᠠᠷ ᠪᠠᠶᠢᠳᠠᠯ ᠢᠶᠠᠷ ᠠᠪᠬᠤ ᠪᠣᠯᠤᠮᠵᠢ ᠲᠠᠢ᠃ ᠠᠭᠲᠠ ᠠᠷᠠᠭ᠎ᠠ ᠰᠢᠳᠦ ᠶᠢ ᠬᠣᠵᠢᠭᠤ ᠣᠷᠣᠶᠢᠲᠠᠵᠤ ᠠᠪᠬᠠᠭᠤᠯᠬᠤ ᠨᠢ ᠡᠷᠡᠭᠦᠨ ᠦ ᠮᠡᠳᠡᠷᠡᠯ ᠢ ᠭᠡᠮᠲᠦᠭᠡᠬᠦ ᠰᠢᠯᠲᠠᠭᠠᠨ ᠪᠣᠯᠵᠤ ᠪᠣᠯᠵᠣᠰᠢ ᠦᠭᠡᠢ᠃ ᠮᠥᠨ ᠡᠷᠲᠡ ᠠᠪᠬᠠᠭᠤᠯᠬᠤ ᠪᠠᠰᠠ ᠨᠢᠭᠡ ᠰᠢᠯᠲᠠᠭᠠᠨ ᠨᠢ ᠵᠠᠯᠠᠭᠤ ᠬᠦᠮᠦᠰ ᠲᠠᠶᠢᠪᠤᠰᠢᠷᠠᠭᠤᠯᠬᠤ ᠡᠮᠴᠢᠯᠡᠭᠡᠨ ᠦ ᠳᠠᠷᠠᠭ᠎ᠠ ᠮᠠᠰᠢ ᠲᠦᠷᠭᠡᠨ ᠡᠷᠭᠢᠵᠦ ᠰᠡᠷᠭᠦᠳᠡᠭ ᠲᠦ ᠣᠷᠣᠰᠢᠨ᠎ᠠ᠃ ᠬᠡᠷᠪᠡ ᠥᠰᠪᠦᠷᠢ ᠨᠠᠰᠤᠨ ᠤ ᠬᠡᠦᠬᠡᠳ ᠦᠳ ᠰᠢᠳᠦᠨ ᠦ ᠭᠠᠵᠢᠭ ᠵᠠᠰᠠᠯ ᠤᠨ ᠡᠮᠴᠢᠯᠡᠭᠡ ᠬᠢᠯᠭᠡᠵᠦ ᠵᠢᠮᠰᠡᠭ ᠵᠡᠭᠦᠵᠦ ᠪᠠᠶᠢᠭ᠎ᠠ ᠪᠣᠯ ᠠᠭᠲᠠ ᠠᠷᠠᠭ᠎ᠠ ᠰᠢᠳᠦ ᠶᠢ ᠡᠮᠴᠢᠯᠡᠭᠡᠨ ᠦ ᠲᠡᠭᠦᠰᠬᠡᠯ ᠳᠦ ᠠᠪᠬᠠᠭᠤᠯᠬᠤ ᠨᠢ ᠵᠦᠢᠲᠡᠢ᠃ ᠤᠴᠢᠷ ᠨᠢ ᠠᠭᠲᠠ ᠠᠷᠠᠭ᠎ᠠ ᠰᠢᠳᠦ ᠶᠢ ᠶᠠᠭᠠᠷᠠᠯᠲᠠᠢ ᠵᠢᠭᠠᠯᠲᠠ ᠪᠠᠷ ᠠᠪᠬᠠᠭᠤᠯᠬᠤ ᠨᠢ ᠭᠠᠵᠢᠭ ᠵᠠᠰᠠᠯ ᠤᠨ ᠡᠮᠴᠢᠯᠡᠭᠡᠨ ᠦ ᠦᠷ᠎ᠡ ᠳᠦᠩ ᠢ ᠥᠭᠡᠷᠡᠴᠢᠯᠡᠵᠦ ᠲᠡᠭᠰᠢᠷᠡᠭᠰᠡᠨ ᠰᠢᠳᠦ ᠶᠢ ᠪᠤᠴᠠᠭᠠᠨ ᠪᠠᠶᠢᠷᠢ ᠪᠠᠨ ᠥᠭᠡᠷᠡᠴᠢᠯᠡᠬᠦ ᠰᠢᠯᠲᠠᠭᠠᠨ ᠪᠣᠯᠵᠤ ᠪᠣᠯᠵᠣᠰᠢ ᠦᠭᠡᠢ᠃ ᠳᠡᠭᠡᠷᠡᠬᠢ ᠪᠦᠭᠦᠳᠡ ᠡᠴᠡ ᠦᠨᠳᠦᠰᠦᠯᠡᠨ ᠲᠠ ᠠᠭᠲᠠ ᠠᠷᠠᠭ᠎ᠠ ᠰᠢᠳᠦᠨ ᠦ ᠪᠡᠨ ᠲᠠᠯ᠎ᠠ ᠪᠠᠷ ᠠᠯᠢ ᠪᠣᠯᠬᠤ ᠡᠷᠲᠡ ᠰᠢᠳᠦᠨ ᠦ ᠡᠮᠴᠢ ᠲᠡᠢ ᠪᠡᠨ ᠵᠥᠪᠯᠡᠯᠳᠦᠬᠦ ᠬᠡᠷᠡᠭᠲᠡᠢ ᠪᠣᠯᠬᠤ ᠶᠢ ᠣᠶᠢᠯᠠᠭᠠᠭᠰᠠᠨ ᠪᠠᠶᠢᠬᠤ᠃ ᠬᠡᠳᠦᠢ ᠴᠢᠨᠡᠭᠡ ᠡᠷᠲᠡ ᠠᠭᠲᠠ ᠠᠷᠠᠭ᠎ᠠ ᠰᠢᠳᠦᠨ ᠦ ᠠᠰᠠᠭᠤᠳᠠᠯ ᠢ ᠰᠢᠢᠳᠪᠦᠷᠢᠯᠡᠵᠦ ᠴᠢᠳᠠᠨ᠎ᠠ ᠲᠡᠳᠦᠢ ᠴᠢᠨᠡᠭᠡ ᠲᠣᠮᠣᠬᠠᠨ ᠬᠦᠨᠳᠦᠷᠡᠯ ᠡᠭᠦᠰᠬᠦ ᠡᠴᠡ ᠤᠷᠢᠳᠴᠢᠯᠠᠨ ᠰᠡᠷᠭᠡᠶᠢᠯᠡᠵᠦ ᠴᠢᠳᠠᠨ᠎ᠠ ᠰᠢᠦ᠃

ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ