ᠠᠫᠠᠷᠲ᠋ᠧᠢᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠫᠠᠷᠲ᠋ᠧᠢ ᠳᠦ ᠨᠢ ᠠᠷᠠᠰᠤᠨ ᠤ ᠦᠵᠡᠯᠲᠡᠨ ᠨᠦᠭᠦᠳ ᠵᠠᠰᠠᠭ ᠤᠨ ᠡᠷᠬᠡ ᠶᠢ ᠨᠢ ᠪᠠᠷᠢᠵᠤ ᠪᠠᠶᠢᠭ᠎ᠠ ᠤᠯᠤᠰ ᠤᠨ ᠬᠦᠮᠦᠰ ᠦᠨ ᠪᠡᠶ᠎ᠡ ᠪᠡᠶ᠎ᠡ ᠪᠡᠨ ᠠᠷᠠᠰᠤ ᠥᠩᠭᠡᠨ ᠦ ᠦᠵᠡᠯ ᠢᠶᠡᠷ ᠨᠢ ᠢᠯᠭᠠᠪᠤᠷᠢᠯᠠᠨ ᠳᠠᠷᠤᠩᠭᠤᠶᠢᠯᠠᠭᠴᠢ ᠲᠥᠷᠥ ᠶᠤᠮ᠃ ᠡᠨᠡᠬᠦ ᠳᠠᠷᠤᠩᠭᠤᠶᠢᠯᠠᠭᠴᠢ ᠲᠥᠷᠥᠡᠶᠢᠨ ᠦᠨᠳᠦᠰᠦ ᠨᠢ ᠠᠷᠠᠰᠤᠨ ᠤ ᠦᠵᠡᠯ ᠪᠤᠶᠤ ᠳᠡᠭᠡᠳᠦ ᠭᠡᠵᠦ ᠨᠡᠷᠡᠯᠡᠭᠳᠡᠭᠰᠡᠨ ᠧᠦ᠋ᠷᠣᠫᠠ ᠠᠷᠠᠰᠤᠲᠠᠨ ᠨᠢ ᠪᠤᠰᠤᠳ ᠳ᠋ᠣᠣ ᠳᠤ ᠭᠡᠬᠦ ᠪᠤᠰᠤᠳ ᠠᠷᠠᠰᠤᠲᠠᠨᠤᠭ ᠤᠳ ᠠᠴᠠ ᠢᠯᠡᠭᠦᠦ ᠤᠬᠠᠭᠠᠨ ᠪᠣᠯᠤᠨ ᠪᠤᠰᠤᠳ ᠵᠦᠢᠯ ᠢᠶᠡᠷ ᠢᠯᠡᠭᠦᠦ ᠴᠢᠳᠠᠪᠤᠷᠢᠯᠢᠭ ᠲᠡᠶᠢᠮᠦ ᠤᠴᠢᠷ ᠠᠴᠠ ᠪᠤᠰᠤᠳ ᠢ ᠵᠠᠬᠢᠷᠬᠤ ᠪᠦᠷᠢᠨ ᠡᠷᠬᠡ ᠲᠡᠢ ᠭᠡᠳᠡᠭ ᠦᠵᠡᠯ ᠶᠤᠮ᠃ ᠳᠡᠯᠡᠬᠡᠢ ᠳᠦ ᠠᠫᠠᠷᠲ᠋ᠧᠢ ᠳᠦ ᠳᠢᠭᠯᠢᠮ ᠦᠨ ᠠᠯᠪᠠᠨ ᠶᠣᠰᠣᠨ ᠤ ᠰᠡᠭᠦᠯ ᠦᠨ ᠤᠯᠤᠰ ᠨᠢ ᠡᠮᠦᠨᠡᠲᠦ ᠠᠹᠷᠢᠺᠠ ᠶᠢᠨ ᠪᠦᠭᠦᠳᠡ ᠨᠠᠶᠢᠷᠠᠮᠳᠠᠬᠤ ᠤᠯᠤᠰ ᠪᠠᠶᠢᠭᠰᠠᠨ ᠪᠠ ᠲᠤᠬᠠᠢ ᠤᠯᠤᠰ ᠲᠤ 1994 ᠣᠨ ᠬᠦᠷᠲᠡᠯ᠎ᠡ ᠣᠷᠣᠰᠢᠨ ᠲᠣᠭᠲᠠᠨᠢᠭᠰᠠᠨ ᠭᠡᠵᠦ ᠦᠵᠡᠳᠡᠭ᠃ ᠬᠦᠮᠦᠨ ᠲᠥᠷᠥᠯᠬᠢᠲᠡᠨ ᠦ ᠲᠡᠦᠬᠡᠡᠨᠳᠡ ᠠᠷᠠᠰᠤᠨ ᠤ ᠦᠵᠡᠯ᠂ ᠠᠫᠠᠷᠲ᠋ᠧᠢ ᠳᠦ ᠳᠢᠭᠯᠢᠮ ᠨᠢ ᠡᠷᠲᠡᠨ ᠡᠴᠡ ᠲᠡᠦᠬᠡ ᠶᠢᠨ ᠭᠦᠨ ᠤᠯᠠᠮᠵᠢᠯᠠᠯ᠂ ᠦᠨᠳᠦᠰᠦ ᠲᠡᠢ ᠬᠥᠭᠵᠢᠭᠰᠡᠨ ᠪᠠᠶᠢᠳᠠᠭ᠂ ᠨᠡᠶᠢᠭᠡᠮ ᠤᠨ ᠬᠠᠮᠤᠭ ᠤᠨ ᠡᠮᠵᠡᠭ ᠠᠰᠠᠭᠤᠳᠠᠯ ᠶᠤᠮ᠃ ᠠᠮᠧᠷᠢᠺᠠ ᠶᠢᠨ ᠢᠷᠭᠡᠨ ᠦ ᠳᠠᠶᠢᠨ ᠨᠢ ᠪᠣᠭᠣᠯᠴᠢᠯᠠᠯ ᠢ ᠬᠠᠯᠠᠬᠤ ᠵᠣᠷᠢᠯᠭ᠎ᠠ ᠪᠠᠷ ᠪᠣᠯᠤᠭᠰᠠᠨ ᠭᠡᠳᠡᠭ ᠴᠤ ᠵᠢᠩᠬᠢᠨᠢ ᠦᠨᠡᠨ ᠰᠢᠯᠲᠠᠭᠠᠨ ᠨᠢ ᠠᠷᠠᠰᠤᠨ ᠤ ᠦᠵᠡᠯ ᠳᠡᠭᠡᠷ᠎ᠡ ᠰᠠᠭᠤᠷᠢᠯᠠᠭᠰᠠᠨ ᠪᠠᠶᠢᠳᠠᠭ ᠪᠥᠭᠡᠳ ᠥᠨᠥᠳᠥᠷ ᠴᠤ ᠭᠡᠰᠡᠨ ᠠᠮᠧᠷᠢᠺᠠ ᠶᠢᠨ ᠨᠢᠭᠡᠳᠦᠭᠰᠡᠨ ᠤᠯᠤᠰ ᠍ ᠳᠦ ᠠᠷᠠᠰᠤᠨ ᠤ ᠦᠵᠡᠯ ᠨᠡᠶᠢᠲᠡ ᠳᠦ ᠥᠷᠭᠡᠨ ᠪᠠᠶᠢᠳᠠᠭ ᠪᠠ ᠡᠭᠦᠨ ᠢ ᠠᠯᠪᠠᠨ ᠶᠣᠰᠣᠭᠠᠷ ᠢᠯᠡ ᠮᠡᠳᠡᠭᠡᠯᠡᠳᠡᠭ ᠦᠭᠡᠢ ᠨᠢᠭᠤᠵᠤ ᠪᠠᠶᠢᠳᠠᠭ᠃ ᠳᠡᠯᠡᠬᠡᠢ ᠶᠢᠨ ᠬᠣᠶᠠᠳᠤᠭᠠᠷ ᠳᠠᠶᠢᠨ ᠍ ᠢ ᠡᠭᠦᠰᠬᠡᠭᠴᠢ ᠨᠠᠼᠢᠰᠲ ᠪᠤᠶᠤ ᠹᠠᠱᠢᠰᠲ ᠭᠧᠷᠮᠠᠨᠢ ᠦᠵᠡᠯ ᠰᠤᠷᠲᠠᠯ ᠤᠨ ᠦᠨᠳᠦᠰᠦ ᠨᠢ ᠠᠷᠢ ᠪᠤᠶᠤ ᠵᠢᠩᠬᠢᠨᠢ ᠭᠧᠷᠮᠠᠨ ᠪᠣᠯᠬᠤ ᠨᠣᠷᠳᠠ ᠲᠥᠷᠬᠥ ᠪᠦᠬᠦᠢ ᠴᠡᠪᠡᠷ ᠭᠧᠷᠮᠠᠨ ᠴᠢᠰᠤ ᠪᠦᠬᠦᠢ ᠠᠷᠢ ᠠᠷᠠᠰᠤᠲᠠᠨᠭᠤᠤ ᠳᠤ ᠳᠡᠯᠡᠬᠡᠢᠨ ᠪᠤᠰᠤᠳ ᠦᠨᠳᠦᠰᠦᠲᠡᠨᠡ ᠡᠴᠡ ᠳᠡᠭᠡᠳᠦ ᠭᠠᠷᠤᠯ ᠲᠠᠢ ᠭᠡᠰᠡᠨ ᠠᠷᠠᠰᠤᠨ ᠤ ᠦᠵᠡᠯ ᠳᠡᠭᠡᠷ᠎ᠡ ᠰᠠᠭᠤᠷᠢᠯᠠᠭᠰᠠᠨ ᠪᠠᠶᠢᠳᠠᠭ᠃ ᠠᠷᠠᠰᠤᠨ ᠤ ᠦᠵᠡᠯ ᠦᠨ ᠥᠨᠥᠳᠥᠷ ᠦᠨ ᠰᠢᠨᠵᠢᠯᠡᠬᠦ ᠤᠬᠠᠭᠠᠨ ᠤ ᠬᠤᠪᠢ ᠳᠤ ᠰᠠᠭᠤᠷᠢ ᠪᠣᠯᠭᠠᠨ ᠠᠪᠴᠤ ᠦᠵᠡᠳᠡᠭ ᠦᠨᠳᠦᠰᠦᠯᠡᠯ ᠨᠢ ᠳᠡᠯᠡᠬᠡᠢ ᠳᠦ ᠲᠠᠷᠬᠠᠨ ᠰᠠᠭᠤᠵᠤ᠂ ᠠᠮᠢᠳᠤᠷᠠᠵᠤ ᠪᠠᠶᠢᠭ᠎ᠠ ᠬᠦᠮᠦᠨ ᠲᠥᠷᠥᠯᠬᠢᠲᠡᠨ ᠦᠨᠳᠦᠰᠦᠨ ᠭᠤᠷᠪᠠᠨ ᠠᠷᠠᠰᠤ ᠲᠠᠢ ᠪᠠᠶᠢᠳᠠᠭ ᠪᠠ ᠠᠷᠠᠰᠤᠨ ᠤ ᠥᠩᠭᠡ ᠨᠢ ᠲᠤᠬᠠᠢ ᠶᠢᠨ ᠬᠦᠮᠦᠨ ᠦ ᠴᠢᠰᠤᠨ ᠤ ᠪᠦᠯᠦᠭ ᠲᠡᠢ ᠰᠢᠭᠤᠳ ᠬᠣᠯᠪᠣᠭ᠎ᠠ ᠲᠠᠢ ᠪᠠᠶᠢᠳᠠᠭ ᠲᠠᠢ ᠬᠣᠯᠪᠣᠨ ᠲᠠᠶᠢᠯᠪᠤᠷᠢᠯᠠᠭᠰᠠᠨ ᠪᠠᠶᠢᠳᠠᠭ᠃ ᠠᠷᠠᠰᠤᠨ ᠤ ᠦᠵᠡᠯ ᠪᠣᠯᠤᠨ ᠲᠡᠭᠦᠨ ᠢ ᠪᠠᠷᠢᠮᠲᠠᠯᠠᠭᠴᠢ ᠠᠷᠠᠰᠤᠨ ᠤ ᠦᠵᠡᠯᠲᠡᠨ ᠨᠦᠭᠦᠳ ᠥᠨᠥᠳᠥᠷ ᠠᠮᠢ ᠪᠥᠬᠡ ᠲᠡᠢ ᠣᠷᠣᠰᠢᠵᠤ ᠪᠠᠶᠢᠭ᠎ᠠ ᠪᠠ ᠢᠯᠠᠩᠭᠤᠶ᠎ᠠ ᠮᠠᠨ ᠤ ᠬᠣᠶᠢᠲᠤ ᠬᠥᠷᠰᠢ ᠣᠷᠣᠰ ᠬᠣᠯᠪᠣᠭᠠᠨ ᠤ ᠤᠯᠤᠰ ᠍ ᠳᠦ "ᠣᠷᠣᠰ ᠣᠷᠣᠨ ᠵᠥᠪᠬᠡᠨ ᠣᠷᠣoᠰ ᠦᠳ ᠲᠤ" ᠭᠡᠬᠦ ᠮᠡᠲᠦ ᠤᠷᠢᠶ᠎ᠠ ᠯᠣᠽᠦ᠋ᠩ ᠶᠢ ᠢᠶᠠᠷ ᠬᠠᠯᠬᠠᠪᠴᠢᠯᠠᠭᠰᠠᠨ ᠠᠷᠠᠰᠤᠨ ᠤ ᠦᠵᠡᠯᠲᠡᠨ ᠨᠦᠭᠦᠳ ᠠᠽᠢᠶ᠎ᠠ ᠭᠠᠷᠤᠯᠲᠠᠢ ᠰᠢᠷ᠎ᠠ ᠠᠷᠠᠰᠤᠲᠠᠨ ᠨᠤᠭᠤᠳ ᠤᠨ ᠡᠰᠡᠷᠬᠦ ᠢᠯᠡ ᠪᠣᠯᠤᠨ ᠳᠠᠯᠳᠠ ᠪᠠᠶᠢᠳᠠᠯ ᠢᠶᠠᠷ ᠬᠦᠴᠦᠷᠬᠡᠶᠢᠯᠡᠯ ᠬᠢᠵᠦ ᠪᠠᠶᠢᠳᠠᠭ᠃ ᠶᠡᠷᠦ ᠨᠢ ᠧᠦ᠋ᠷᠣᠫᠠ ᠪᠤᠶᠤ ᠴᠠᠭᠠᠨ ᠠᠷᠠᠰᠤᠲᠠᠨ ᠨᠢ ᠪᠦᠬᠦᠨ ᠡᠴᠡ ᠳᠡᠭᠡᠭᠦᠷ ᠭᠡᠳᠡᠭ ᠠᠷᠠᠰᠤᠨ ᠤ ᠦᠵᠡᠯ ᠨᠢ ᠧᠦ᠋ᠷᠣᠫᠠ ᠶᠢᠨ ᠤᠯᠤᠰ ᠣᠷᠣᠨ ᠨᠤᠭᠤᠳ ᠪᠣᠯᠤᠨ ᠠᠮᠧᠷᠢᠺᠠ ᠶᠢᠨ ᠨᠢᠭᠡᠳᠦᠭᠰᠡᠨ ᠤᠯᠤᠰᠠᠦᠢᠰᠲ᠋ᠷᠯᠢᠶ᠎ᠠᠺᠠᠨᠠᠳᠠ ᠵᠡᠷᠭᠡ ᠧᠦᠢᠷᠣᠫᠠ ᠦᠨᠳᠦᠰᠦᠲᠡᠨ ᠨᠦᠭᠦᠳ ᠭᠣᠣᠯᠯᠠᠭᠰᠠᠨ ᠤᠯᠤᠰ ᠤᠳ ᠲᠤ ᠲᠦᠭᠡᠮᠡᠯ ᠪᠠᠶᠢᠳᠠᠭ ᠪᠠ ᠡᠨᠡ ᠲᠤᠬᠠᠢ ᠮᠡᠳᠡᠭᠡᠯᠡᠯ ᠢ ᠲᠡᠳᠦᠶᠢᠯᠡᠨ ᠢᠯᠡ ᠨᠡᠶᠢᠲᠡ ᠳᠦ ᠭᠠᠷᠭᠠᠳᠠᠭ ᠦᠭᠡᠢ᠂ ᠨᠢᠭᠤᠵᠤ ᠪᠠᠶᠢᠳᠠᠭ ᠣᠨᠴᠠᠯᠢᠭ ᠲᠠᠢ᠃ ᠡᠶᠢᠮᠦ ᠪᠠᠶᠢᠳᠠᠯ ᠨᠢ ᠲᠤᠬᠠᠢ ᠬᠦᠮᠦᠨ ᠢ ᠠᠵᠢᠯ ᠳᠤ ᠠᠪᠬᠤ᠂ ᠰᠤᠷᠭᠠᠭᠤᠯᠢ ᠳᠤ ᠤᠷᠤᠬᠤ ᠭᠮ ᠵᠦᠢᠯ ᠳᠡᠭᠡᠷ᠎ᠡ ᠠᠯᠪᠠᠨ ᠪᠤᠰᠤ ᠪᠠᠷ ᠲᠤᠬᠠᠢ ᠶᠢᠨ ᠬᠤᠪᠢ ᠬᠦᠮᠦᠨ ᠦ ᠦᠵᠡᠯ ᠪᠣᠳᠣᠯ ᠪᠠᠶᠢᠳᠠᠯ ᠢᠶᠠᠷ ᠢᠯᠡᠷᠡᠬᠡᠶᠢᠯᠡᠭᠳᠡᠳᠡᠭ᠃

ᠪᠢᠴᠢᠭᠡᠰᠦ