ᠠᠪ ᠱᠢᠨᠵᠠ ᠪᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠪ ᠱᠢᠨᠵᠠ ᠪᠠᠨ


ᠣᠳᠣ ᠬᠠᠰᠢᠵᠤ ᠪᠤᠢ
ᠠᠯᠪᠠ ᠪᠠᠨ ᠬᠦᠯᠢᠶᠡᠨ ᠠᠪᠤᠭᠰᠠᠨ;
2012 ᠣᠨ ᠤ 12 ᠰᠠᠷ᠎ᠠ ᠶᠢᠨ 26
ᠬᠠᠭᠠᠨ ᠠᠺᠢᠬᠢᠲᠠ
ᠳᠡᠳ᠋ ᠳᠠᠷᠤᠭ᠎ᠠ ᠠᠰ ᠢᠶᠠᠨ ᠲᠠᠷ ᠢᠶᠠᠨ
ᠡᠮᠦᠨᠡᠬᠢ ᠨᠣᠳᠠ ᠶᠣᠰᠢᠭᠢᠺᠣ
ᠠᠯᠪᠠᠨ ᠲᠤᠰᠢᠶᠠᠯ ᠬᠠᠰᠢᠭᠰᠠᠨ
2006 ᠣᠨ ᠤ 9 ᠰᠠᠷ᠎ᠠ ᠶᠢᠨ 26 – 2007 ᠣᠨ ᠤ 9 ᠰᠠᠷ᠎ᠠ ᠶᠢᠨ 26
ᠬᠠᠭᠠᠨ ᠠᠺᠢᠬᠢᠲᠠ
ᠡᠮᠦᠨᠡᠬᠢ ᠺᠣᠶᠢᠰᠦᠮᠢ ᠵᠦᠩ-ᠢᠴᠢᠷ ᠢᠶᠠᠨ
ᠳᠠᠷᠠᠭᠠᠬᠢ ᠹᠦᠺᠥᠳᠠ ᠶᠠᠰᠦ᠋ᠣ

ᠣᠳᠣ ᠬᠠᠰᠢᠵᠤ ᠪᠤᠢ
ᠠᠯᠪᠠ ᠪᠠᠨ ᠬᠦᠯᠢᠶᠡᠨ ᠠᠪᠤᠭᠰᠠᠨ;
2012 ᠣᠨ ᠤ 9 ᠰᠠᠷ᠎ᠠ ᠶᠢᠨ 26
ᠳᠡᠳ᠋ ᠳᠠᠷᠤᠭ᠎ᠠ ᠺᠣᠣᠮᠷᠠ ᠮᠠᠰᠠᠬᠢᠺᠣ
ᠡᠮᠦᠨᠡᠬᠢ ᠲᠠᠨᠢᠭᠠᠺᠢ ᠰᠠᠳᠠᠬᠠᠰᠦ
ᠠᠯᠪᠠᠨ ᠲᠤᠰᠢᠶᠠᠯ ᠬᠠᠰᠢᠭᠰᠠᠨ
2006 ᠣᠨ ᠤ 9 ᠰᠠᠷ᠎ᠠ ᠶᠢᠨ 20 – 2007 ᠣᠨ ᠤ 9 ᠰᠠᠷ᠎ᠠ ᠶᠢᠨ 26
ᠡᠮᠦᠨᠡᠬᠢ ᠺᠣᠶᠢᠰᠦᠮᠢ ᠵᠦᠩ-ᠢᠴᠢᠷ ᠢᠶᠠᠨ
ᠳᠠᠷᠠᠭᠠᠬᠢ ᠹᠦᠺᠥᠳᠠ ᠶᠠᠰᠦ᠋ᠣ

ᠠᠯᠪᠠᠨ ᠲᠤᠰᠢᠶᠠᠯ ᠬᠠᠰᠢᠭᠰᠠᠨ
2005 ᠣᠨ ᠤ 10 ᠰᠠᠷ᠎ᠠ ᠶᠢᠨ 31 – 2006 ᠣᠨ ᠤ 9 ᠰᠠᠷ᠎ᠠ ᠶᠢᠨ 26
ᠶᠡᠷᠦᠩᠬᠡᠢ ᠰᠠᠶᠢᠳ ᠺᠣᠶᠢᠰᠦᠮᠢ ᠵᠦᠩ-ᠢᠴᠢᠷ ᠢᠶᠠᠨ
ᠡᠮᠦᠨᠡᠬᠢ ᠬᠣᠣᠰᠣᠳᠠ ᠬᠣᠷᠢᠶᠤᠶᠢᠺᠢ
ᠳᠠᠷᠠᠭᠠᠬᠢ ᠱᠢᠣᠽᠠᠺᠢ ᠶᠠᠰᠦ᠋ᠬᠢᠰᠠ

ᠲᠦᠷᠦᠭᠰᠡᠨ 1954 ᠣᠨ ᠤ 9 ᠰᠠᠷ᠎ᠠ ᠶᠢᠨ 21 (1954-09-21) (64 ᠨᠠᠰᠣᠳᠠᠢ)
ᠢᠮᠠᠭᠦᠴᠢᠨᠠᠭᠠᠲᠠ
ᠤᠯᠤᠰ ᠲᠥᠷᠥ ᠶᠢᠨ ᠨᠠᠮ ᠯᠢᠪᠧᠷᠠᠯ ᠠᠷᠠᠳᠴᠢᠯᠠᠭᠰᠠᠨ ᠨᠠᠮ
ᠭᠡᠷ ᠪᠦᠯᠢ ᠶᠢᠨ ᠬᠦᠮᠦᠨ ᠮᠠᠴᠦᠵᠠᠺᠢ ᠠᠬᠢᠶᠡ
ᠲᠡᠭᠦᠰᠦᠭᠰᠡᠨ ᠰᠤᠷᠭᠠᠭᠤᠯᠢ ᠰᠡᠢᠺᠡᠢ ᠶᠡᠬᠡ ᠰᠤᠷᠭᠠᠭᠤᠯᠢ
ᠡᠮᠦᠨᠡᠲᠦ ᠺᠠᠯᠢᠹᠣᠷᠨᠢ ᠶᠢᠨ ᠶᠡᠬᠡ ᠰᠤᠷᠭᠠᠭᠤᠯᠢ
ᠱᠠᠰᠢᠨ ᠰᠢᠩᠲᠠ[1]

ᠠᠪ ᠱᠢᠨᠵᠠ ᠪᠠᠨ (安倍 晋三, あべ しんぞう) ᠨᠢ ᠶᠠᠫᠣᠨ ᠤ ᠤᠯᠤᠰ ᠲᠥᠷᠦᠴᠢ᠂ 90, 96 ᠳᠠᠬᠢ ᠶᠡᠷᠦᠩᠬᠡᠢ ᠰᠠᠶᠢᠳ. ᠯᠢᠪᠧᠷᠠᠯ ᠠᠷᠠᠳᠴᠢᠯᠠᠭᠰᠠᠨ ᠨᠠᠮ ᠳᠤ ᠬᠠᠷᠢᠶᠠᠯᠠᠭᠳᠠᠬᠤ᠂ ᠶᠠᠫᠣᠨ ᠤ ᠫᠠᠷᠯᠠᠮᠧᠨᠲ ᠤᠨ ᠲᠥᠯᠥᠭᠡᠯᠡᠭᠴᠢᠳ ᠦᠨ ᠲᠠᠩᠬᠢᠮ ᠤᠨ ᠭᠡᠰᠢᠭᠦᠨ (7 ᠤᠳᠠᠭ᠎ᠠ ᠰᠣᠩᠭᠣᠭᠳᠠᠭᠰᠠᠨ), ᠯᠢᠪᠧᠷᠠᠯ ᠠᠷᠠᠳᠴᠢᠯᠠᠭᠰᠠᠨ ᠨᠠᠮ ᠤᠨ 21, 25 ᠳᠠᠬᠢ ᠳᠠᠷᠤᠭ᠎ᠠ᠃

ᠲᠣᠪᠴᠢ ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ ᠪᠡᠷ 1954 ᠣᠨ ᠤ 9 ᠰᠠᠷ᠎ᠠ ᠶᠢᠨ 21 ᠍ ᠳᠦ ᠢᠮᠠᠭᠦᠴᠢ ᠠᠶᠢᠮᠠᠭ ᠤᠨ ᠨᠠᠭᠠᠲᠠ ᠬᠣᠳᠠ ᠳᠤ ᠲᠥᠷᠦᠵᠢᠭᠡ᠃ ᠰᠡᠢᠺᠡᠢ ᠶᠡᠬᠡ ᠰᠤᠷᠭᠠᠭᠤᠯᠢ ᠶᠢᠨ ᠬᠠᠤᠯᠢ ᠵᠦᠢ ᠶᠢᠨ ᠹᠠᠺᠦᠶᠢᠯᠢᠲ᠋ᠧᠲ᠂ ᠤᠯᠤᠰ ᠲᠥᠷᠥ ᠰᠤᠳᠤᠯᠤᠯ ᠤᠨ ᠲᠡᠩᠬᠢᠮ ᠢ 1977 ᠣᠨ ᠳᠤ ᠲᠡᠭᠦᠰᠦᠭᠰᠡᠨ᠃ ᠤᠯᠤᠰ ᠲᠥᠷᠥ ᠰᠤᠳᠤᠯᠤᠯ ᠤᠨ ᠮᠠᠭᠢᠰᠲ᠋ᠷ᠃

ᠶᠡᠬᠡ ᠰᠤᠷᠭᠠᠭᠤᠯᠢ ᠲᠡᠭᠦᠰᠦᠭᠰᠡᠨ ᠦ ᠪᠡᠨ ᠳᠠᠷᠠᠭ᠎ᠠ 《ᠺᠣᠣᠪ ᠰᠡᠢᠮ ᠢᠶᠠᠨ》 ᠺᠣᠮᠫᠠᠨᠢ ᠳᠤ ᠣᠷᠣᠭᠰᠠᠨ ᠪᠥᠭᠡᠳ ᠳᠠᠷᠠᠭ᠎ᠠ ᠨᠢ ᠭᠠᠳᠠᠭᠠᠳᠤ ᠬᠡᠷᠡᠭ ᠦᠨ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠪᠠᠶᠢᠭᠠᠳ᠂ ᠤᠯᠤᠰ ᠲᠥᠷᠥ ᠳᠦ ᠣᠷᠣᠨ ᠫᠠᠷᠯᠠᠮᠧᠨᠲ ᠤᠨ ᠭᠡᠰᠢᠭᠦᠨ ᠢᠶᠡᠷ ᠰᠣᠩᠭᠣᠭᠳᠠᠭᠰᠠᠨ᠃ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠡᠳ᠋ ᠳᠠᠷᠤᠭ᠎ᠠ᠂ ᠯᠢᠪᠧᠷᠠᠯ ᠠᠷᠠᠳᠴᠢᠯᠠᠭᠰᠠᠨ ᠨᠠᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ᠂ ᠣᠷᠣᠯᠠᠭᠴᠢ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠶᠢᠨ ᠠᠯᠪᠠ ᠬᠠᠰᠢᠵᠤ ᠪᠠᠶᠢᠭᠠᠳ ᠶᠡᠷᠦᠩᠬᠡᠢ ᠰᠠᠶᠢᠳ ᠪᠣᠯᠤᠭᠰᠠᠨ᠃

ᠶᠡᠷᠦᠩᠬᠡᠢ ᠰᠠᠶᠢᠳ ᠪᠣᠯᠤᠭᠠᠳ ᠵᠢᠯ ᠣᠷᠴᠢᠮ ᠠᠵᠢᠯᠯᠠᠬᠤ ᠳᠤ ᠪᠠᠨ ᠲᠡᠷᠢᠭᠦᠯᠡᠭᠰᠡᠨ ᠲᠠᠩᠬᠢᠮ ᠤᠨ ᠨᠢ ᠭᠡᠰᠢᠭᠦᠳ ᠨᠢ ᠮᠥᠩᠭᠥ ᠲᠥᠭᠦᠷᠢᠭᠡᠨ ᠦ ᠠᠰᠠᠭᠤᠳᠠᠯ ᠲᠠᠢ ᠬᠤᠳᠬᠤᠯᠳᠤᠭᠰᠠᠨ᠂ ᠬᠠᠷᠢᠭᠤᠴᠠᠯᠭ᠎ᠠ ᠦᠭᠡᠢ ᠮᠡᠳᠡᠭᠳᠡᠯ ᠬᠢᠭᠰᠡᠨ ᠵᠡᠷᠭᠡ ᠡᠴᠡ ᠪᠡᠨ ᠪᠣᠯᠵᠤ ᠣᠭᠴᠠᠷᠴᠥ᠂ ᠰᠥᠷᠭᠦ ᠬᠦᠴᠦᠨ ᠦ ᠵᠦᠭ ᠡᠴᠡ ᠰᠠᠶᠢᠳ ᠨᠠᠷ ᠢ ᠲᠣᠮᠢᠯᠠᠭᠰᠠᠨ ᠬᠦᠨᠡᠶᠢᠬᠢ ᠪᠡᠨ ᠬᠤᠪᠢ ᠳᠤ ᠬᠠᠷᠢᠭᠤᠴᠠᠯᠭ᠎ᠠ ᠬᠦᠯᠢᠶᠡᠬᠦ ᠶᠣᠰᠣᠲᠠᠢ ᠬᠡᠮᠡᠨ ᠰᠢᠭᠦᠮᠵᠢᠯᠡᠭᠦᠯᠵᠦ ᠪᠠᠶᠢᠭᠰᠠᠨ᠃ ᠯᠢᠪᠧᠷᠠᠯ ᠠᠷᠠᠳᠴᠢᠯᠠᠭᠰᠠᠨ ᠨᠠᠮ ᠤᠳᠠᠭᠠᠨ ᠬᠤᠭᠤᠴᠠᠭᠠᠨ ᠳᠤ ᠵᠠᠰᠠᠭ ᠤᠨ ᠡᠷᠬᠡ ᠶᠢ ᠪᠠᠷᠢᠭᠰᠠᠨ ᠠᠴᠠ ᠪᠣᠯᠤᠭᠠᠳ ᠲᠡᠳᠬᠦᠪᠦᠷᠢ ᠶᠢᠨ ᠰᠠᠩ ᠤᠨ ᠬᠥᠷᠥᠩᠭᠡ ᠪᠤᠷᠤᠭᠤ ᠭᠠᠷ ᠢᠶᠠᠷ ᠣᠷᠣᠭᠰᠠᠨ ᠨᠢ ᠲᠡᠭᠦᠨ ᠢ ᠵᠠᠰᠠᠭ ᠲᠡᠷᠢᠭᠦᠯᠡᠵᠦ ᠪᠠᠶᠢᠬᠤ ᠦᠶ᠎ᠡ ᠳᠦ ᠢᠯᠡᠷᠡᠭᠰᠡᠨ ᠨᠢ ᠨᠡᠷᠮᠡᠭᠡᠰᠦ ᠪᠣᠯᠵᠤ᠂ 2007 ᠣᠨ ᠤ ᠵᠤᠨ ᠶᠠᠪᠤᠭᠳᠠᠭᠰᠠᠨ ᠫᠠᠷᠯᠠᠮᠧᠨᠲ ᠤᠨ ᠳᠡᠭᠡᠳᠦ ᠲᠠᠩᠬᠢᠮ ᠤᠨ ᠰᠣᠩᠭᠣᠭᠤᠯᠢ ᠳᠤ ᠢᠯᠠᠭᠳᠠᠯ ᠬᠦᠯᠢᠶᠡᠨ᠂ ᠠᠩᠬ᠎ᠠ ᠤᠳᠠᠭ᠎ᠠ ᠴᠥᠭᠡᠩᠬᠢ ᠪᠣᠯᠪᠠ᠃ ᠬᠡᠳᠦᠢ ᠪᠡᠷ ᠳ᠋ᠣᠣ ᠳᠤ ᠲᠠᠩᠬᠢᠮ ᠳᠤ ᠯᠢᠪᠧᠷᠠᠯ ᠠᠷᠠᠳᠴᠢᠯᠠᠭᠰᠠᠨ ᠨᠠᠮ ᠦᠨᠡᠮᠯᠡᠬᠦᠢ ᠣᠯᠠᠩᠬᠢ ᠬᠡᠳᠦᠢ ᠴᠤ ᠡᠶᠢᠮᠦᠷᠬᠡᠦ ᠲᠣᠮᠣᠬᠠᠨ ᠢᠯᠠᠭᠳᠠᠯ ᠬᠦᠯᠢᠶᠡᠭᠰᠡᠨ ᠦᠶ᠎ᠡ ᠳᠦ ᠨᠠᠮ ᠤᠨ ᠳᠠᠷᠤᠭ᠎ᠠ ᠬᠠᠷᠢᠭᠤᠴᠠᠯᠭ᠎ᠠ ᠬᠦᠯᠢᠶᠡᠵᠦ᠂ ᠠᠯᠪᠠᠨ ᠲᠤᠰᠢᠶᠠᠯ ᠢᠶᠠᠨ ᠥᠭᠳᠡᠭ ᠵᠢᠱᠢᠭ ᠢ ᠲᠡᠷᠡ ᠳᠠᠭᠠᠭᠰᠠᠨ ᠦᠭᠡᠢ᠂ ᠠᠷᠠᠳ ᠲᠦᠮᠡᠨ ᠳᠦ ᠪᠡᠨ ᠠᠮᠠᠯᠠᠭᠰᠠᠨ ᠠᠮᠠᠯᠠᠯᠲᠠ ᠪᠠᠨ ᠬᠡᠷᠡᠭᠵᠢᠭᠦᠯᠦᠨ᠎ᠡ ᠬᠡᠮᠡᠨ ᠮᠡᠳᠡᠭᠳᠡᠵᠦ ᠪᠠᠶᠢᠪᠠ᠃

ᠭᠡᠪᠡᠴᠦ 2007 ᠣᠨ ᠤ 9 ᠰᠠᠷ᠎ᠠ ᠶᠢᠨ 12 ᠍ ᠳᠦ ᠯᠢᠪᠧᠷᠠᠯ ᠠᠷᠠᠳᠴᠢᠯᠠᠭᠰᠠᠨ ᠨᠠᠮ ᠤᠨ ᠳᠠᠷᠤᠭ᠎ᠠ ᠪᠣᠯᠤᠨ ᠶᠡᠷᠦᠩᠬᠡᠢ ᠰᠠᠶᠢᠳ ᠤᠨ ᠰᠠᠭᠤᠳᠠᠯ ᠢᠶᠠᠨ ᠲᠠᠯᠪᠢᠵᠤ ᠥᠭᠬᠦ ᠪᠡᠨ ᠮᠡᠳᠡᠭᠳᠡᠭᠰᠡᠨ ᠨᠢ ᠭᠡᠨᠡᠳᠲᠡ ᠶᠢᠨ ᠶᠠᠪᠤᠳᠠᠯ ᠪᠠᠶᠢᠯ᠎ᠠ᠃ ᠬᠡᠳᠦᠬᠡᠨ ᠬᠣᠨᠣᠭ ᠤᠨ ᠡᠮᠦᠨ᠎ᠡ ᠫᠠᠷᠯᠠᠮᠧᠨᠲ ᠤᠨ ᠴᠢᠭᠤᠯᠭᠠᠨ ᠤ ᠨᠡᠭᠡᠭᠡᠯᠲᠡ ᠳᠦ ᠣᠷᠣᠯᠴᠠᠵᠤ᠂ ᠡᠷᠴᠢ ᠬᠦᠴᠦ ᠪᠡᠷ ᠳᠦᠭᠦᠷᠡᠩ ᠢᠯᠡᠳᠬᠡᠯ ᠲᠠᠯᠪᠢᠵᠤ ᠪᠠᠶᠢᠭᠰᠠᠨ ᠬᠦᠮᠦᠨ ᠭᠡᠨᠡᠳᠲᠡ ᠣᠭᠴᠠᠷᠠᠬᠤ ᠪᠠᠨ ᠮᠡᠳᠡᠭᠳᠡᠭᠰᠡᠨ ᠶᠠᠪᠤᠳᠠᠯ ᠢ ᠴᠠᠭ ᠢᠶᠠᠨ ᠣᠯᠤᠭ᠎ᠠ ᠦᠭᠡᠢ᠂ ᠬᠠᠷᠢᠭᠤᠴᠠᠯᠭ᠎ᠠ ᠦᠭᠡᠢ ᠶᠠᠪᠤᠳᠠᠯ ᠭᠡᠬᠦ ᠦᠵᠡᠯ ᠶᠠᠫᠣᠨ ᠤ ᠤᠯᠤᠰ ᠲᠥᠷᠥ ᠳᠦ ᠣᠯᠠᠨ ᠰᠣᠨᠣᠰᠤᠭᠳᠠᠵᠤ ᠪᠠᠶᠢᠯ᠎ᠠ᠃ ᠭᠡᠬᠦ ᠳᠦ ᠪᠡᠨ ᠲᠡᠷᠡ ᠪᠡᠷ ᠪᠡᠶ᠎ᠡ ᠶᠢᠨ ᠪᠠᠶᠢᠳᠠᠯ ᠤᠨ ᠤᠯᠠᠮ ᠠᠴᠠ ᠲᠡᠷᠬᠡᠦ ᠰᠢᠢᠳᠪᠦᠷᠢ ᠪᠡᠨ ᠭᠠᠷᠭᠠᠭᠰᠠᠨ ᠨᠢ ᠬᠣᠵᠢᠮ ᠲᠣᠳᠣᠷᠬᠠᠢ ᠪᠣᠯᠵᠤ᠂ ᠠᠵᠢᠯ ᠢᠶᠠᠨ ᠬᠦᠯᠢᠶᠡᠯᠭᠡᠵᠦ ᠥᠭᠭᠦᠮᠡᠭᠴᠡ ᠪᠡᠨ ᠪᠡᠶ᠎ᠡ ᠪᠡᠨ ᠡᠮᠡᠴᠢᠯᠡᠭᠦᠯᠬᠦ ᠪᠡᠷ ᠡᠮᠨᠡᠯᠭᠡ ᠳᠦ ᠬᠡᠪᠲᠡᠭᠰᠡᠨ ᠪᠠᠶᠢᠨ᠎ᠠ᠃

ᠡᠪᠡᠳᠴᠢᠨ ᠢᠶᠡᠨ ᠡᠮᠴᠢᠯᠡᠭᠦᠯᠵᠦ ᠡᠳᠡᠭᠡᠭᠡᠭᠰᠡᠨ ᠠᠪ 2012 ᠣᠨ ᠤ 9 ᠰᠠᠷ᠎ᠠ ᠳᠤ ᠪᠣᠯᠤᠭᠰᠠᠨ ᠯᠢᠪᠧᠷᠠᠯ ᠠᠷᠠᠳᠴᠢᠯᠠᠭᠰᠠᠨ ᠨᠠᠮ ᠤ ᠳᠠᠷᠤᠭ᠎ᠠ ᠶᠢᠨ ᠰᠣᠩᠭᠣᠭᠤᠯᠢ ᠳᠤ ᠢᠯᠠᠵᠤ᠂ ᠤᠯᠠᠮ ᠢᠶᠠᠷ ᠮᠥᠨ ᠣᠨ ᠤ 12 ᠰᠠᠷ᠎ᠠ ᠳᠤ ᠪᠣᠯᠤᠭᠰᠠᠨ ᠡᠭᠡᠯᠵᠢᠲᠦ ᠪᠤᠰᠤ ᠪᠦᠬᠦ ᠨᠡᠶᠢᠲᠡ ᠶᠢᠨ ᠰᠣᠩᠭᠣᠭᠤᠯᠢ ᠪᠠᠷ ᠲᠤᠰ ᠨᠠᠮ ᠢᠯᠠᠭᠰᠠᠨ ᠢᠶᠠᠷ 12 ᠰᠠᠷ᠎ᠠ ᠶᠢᠨ 26 ᠍ ᠳᠦ ᠳᠠᠬᠢᠨ ᠶᠡᠷᠦᠩᠬᠡᠢ ᠰᠠᠶᠢᠳ ᠤᠨ ᠠᠯᠪᠠᠨ ᠲᠤᠰᠢᠶᠠᠯ ᠳᠤ ᠣᠴᠢᠭᠠᠳ ᠪᠠᠶᠢᠨ᠎ᠠ᠃

ᠲᠥᠷᠥᠯ ᠰᠠᠳᠤᠨ ᠨᠤᠭᠤᠳ ᠤᠨ ᠨᠢ ᠳᠤᠮᠳᠠ ᠠᠯᠳᠠᠷᠲᠠᠢ ᠤᠯᠤᠰ ᠲᠥᠷᠴᠢᠳ ᠣᠯᠠᠨ ᠪᠤᠢ᠃ ᠡᠬᠡ ᠶᠢᠨ ᠲᠠᠯ᠎ᠠ ᠶᠢᠨ ᠡᠪᠦᠭᠡ ᠨᠢ ᠶᠡᠷᠦᠩᠬᠡᠢ ᠰᠠᠶᠢᠳ ᠠᠭᠰᠠᠨ ᠺᠢᠰᠢ ᠰᠢᠩᠰᠦ᠋ᠺᠡ᠂ ᠡᠴᠢᠭᠡ ᠶᠢᠨ ᠨᠢ ᠠᠪᠠᠭ᠎ᠠ ᠠᠬ᠎ᠠ᠂ ᠶᠡᠷᠦᠩᠬᠡᠢ ᠰᠠᠶᠢᠳ ᠠᠭᠰᠠᠨ ᠰᠠᠲ᠋ᠣ ᠡᠢ=ᠰᠠᠺᠦ᠂ ᠡᠴᠢᠭᠡ ᠨᠢ ᠭᠠᠳᠠᠭᠠᠳᠤ ᠬᠡᠷᠡᠭ ᠦᠨ ᠰᠠᠶᠢᠳ ᠠᠭᠰᠠᠨ ᠠᠪ ᠰᠢᠩᠲᠠᠷᠣ᠂ ᠳᠡᠭᠦᠦ ᠨᠢ ᠫᠠᠷᠯᠠᠮᠧᠨᠲ ᠤᠨ ᠲᠥᠯᠥᠭᠡᠯᠡᠭᠴᠢᠳ ᠦᠨ ᠲᠠᠩᠬᠢᠮ ᠤᠨ ᠭᠡᠰᠢᠭᠦᠨ ᠺᠢᠰᠢ ᠨᠣᠪᠦᠣ ᠵᠡᠷᠭᠡ ᠪᠣᠯᠤᠨ᠎ᠠ᠃ ᠡᠬᠡᠨᠡᠷ ᠠᠬᠢᠶᠡ ᠨᠢ ᠮᠣᠷᠢᠨᠠᠭ᠎ᠠ ᠺᠣᠷᠫᠣᠷᠠᠼᠢ ᠶᠢᠨ ᠵᠠᠬᠢᠷᠤᠯ ᠠᠰᠠᠨ ᠮᠠᠴᠦᠵᠠᠺᠢ ᠠᠬᠢᠶ᠎ᠠ ᠶᠢᠨ ᠥᠬᠢᠨ᠃

ᠶᠠᠫᠣᠨ ᠤ ᠬᠠᠮᠤᠭ ᠤᠨ ᠣᠯᠠᠨ ᠶᠡᠷᠦᠩᠬᠡᠢ ᠰᠠᠶᠢᠳ ᠢ ᠲᠥᠷᠦᠭᠦᠯᠦᠭᠰᠡᠨ ᠨᠤᠲᠤᠭ ᠪᠣᠯᠬᠤ ᠢᠮᠠᠭᠦᠴᠢ ᠠᠶᠢᠮᠠᠭ ᠤᠨ ᠠᠭᠤᠭᠤᠯ ᠲᠡᠭᠦᠨ ᠦ ᠡᠴᠢᠭᠡ ᠠᠪ ᠰᠢᠩᠲᠠᠷᠣ ᠨᠢ ᠶᠡᠷᠦᠩᠬᠡᠢ ᠰᠠᠶᠢᠳ ᠤᠨ ᠰᠡᠩᠲᠡᠢ ᠳᠦ ᠬᠠᠮᠤᠭ ᠤᠨ ᠣᠶᠢᠷᠠᠬᠠᠨ ᠬᠦᠮᠦᠨ ᠭᠡᠵᠦ ᠶᠠᠷᠢᠭᠳᠠᠵᠤ ᠪᠠᠶᠢᠭᠰᠠᠨ ᠦᠶᠡᠳᠡᠭᠡ ᠨᠠᠰᠤ ᠪᠠᠷᠠᠭᠰᠠᠨ ᠪᠥᠭᠡᠳ ᠡᠴᠢᠭᠡ ᠶᠢᠨ ᠢᠶᠡᠨ ᠬᠦᠷᠴᠦ ᠠᠮᠵᠢᠭ᠎ᠠ ᠦᠭᠡᠢ ᠥᠨᠳᠥᠷᠯᠢᠭ ᠲᠦ ᠬᠦᠦ ᠨᠢ ᠡᠶᠢᠨᠬᠦᠦ ᠬᠦᠷᠦᠭᠰᠡᠨ ᠶᠤᠮ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠨᠣᠳᠠ ᠶᠣᠰᠢᠭᠢᠺᠣ
ᠶᠠᠫᠣᠨ ᠤ ᠶᠡᠷᠦᠩᠬᠡᠢ ᠰᠠᠶᠢᠳ
{{{on}}}
ᠳᠠᠷᠠᠭᠠᠬᠢ
'
ᠡᠮᠦᠨᠡᠬᠢ
ᠺᠣᠶᠢᠰᠦᠮᠢ ᠵᠦᠩ-ᠢᠴᠢᠷ ᠢᠶᠠᠨ
ᠶᠠᠫᠣᠨ ᠤ ᠶᠡᠷᠦᠩᠬᠡᠢ ᠰᠠᠶᠢᠳ
{{{on}}}
ᠳᠠᠷᠠᠭᠠᠬᠢ
ᠹᠦᠺᠥᠳᠠ ᠶᠠᠰᠦ᠋ᠣ

ᠪᠢᠴᠢᠭᠡᠰᠦ