ᠠᠪᠭᠦ᠋ᠰ ᠲᠦ ᠼᠧᠽᠠᠷᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠠᠪᠭᠦ᠋ᠰ ᠲᠦ᠂ ᠼᠧᠽᠠᠷᠢ ᠪᠤᠶᠤ ᠣᠺᠲ᠋ᠠᠪᠢᠶᠠᠨ (ᠠᠩᠭᠯᠢ ᠬᠡᠯᠡ:Augustus, Caesar or Octavian orig. Gaius Octavius later Gaius Julius Caesar Octavianus) (ᠮᠠᠨ ᠤ ᠡᠷᠡᠨ ᠦ ᠡᠮᠦᠨ᠎ᠡ 63 ᠣᠨ ᠤ ᠶᠢᠰᠦᠳᠦᠭᠡᠷ ᠰᠠᠷ᠎ᠠ ᠶᠢᠨ 23 ᠍ ᠳᠦ ᠲᠥᠷᠦᠵᠢ᠂ ᠮᠠᠨ ᠤ ᠡᠷᠡᠨ ᠦ 14 ᠣᠨ ᠤ ᠨᠠᠶᠢᠮᠠᠳᠤᠭᠠᠷ ᠰᠠᠷ᠎ᠠ ᠶᠢᠨ 19 ᠍ ᠳᠦ ᠨᠠᠫᠣᠯᠣ ᠶᠢᠨ ᠣᠶᠢᠷᠠᠯᠴᠠᠭᠠᠬᠢ ᠨᠣᠯᠣ ᠳᠤ ᠨᠠᠰᠤ ᠪᠠᠷᠠᠭᠰᠠᠨ᠃) ᠷᠤᠮᠠᠨᠢᠶ ᠠ ᠠᠩᠬᠠᠨ ᠤ ᠡᠵᠡᠨ ᠬᠠᠭᠠᠨ᠃ ᠪᠠᠶᠠᠨ ᠴᠢᠨᠡᠭᠡᠯᠢᠭ ᠭᠡᠷ ᠪᠦᠯᠢ ᠳᠦ ᠲᠦᠷᠦᠭᠰᠡᠨ ᠠᠪᠭᠦ᠋ᠰ ᠲᠦ 18 ᠨᠠᠰᠤᠲᠠᠢ ᠪᠠᠶᠢᠬᠤ ᠳᠤ ᠪᠠᠨ ᠥᠪᠡᠷ ᠦᠨ ᠠᠪᠠᠭ᠎ᠠ ᠠᠬ᠎ᠠ ᠶᠦᠯᠢ ᠼᠧᠽᠠᠷᠢ ᠲᠤ ᠡᠷᠭᠦᠭᠳᠡᠨ᠂ ᠲᠡᠭᠦᠨ ᠦ ᠵᠠᠯᠭᠠᠮᠵᠢᠯᠠᠭᠴᠢ ᠪᠠᠷ ᠨᠡᠷᠡᠯᠡᠭᠳᠡᠬᠦ ᠪᠣᠯᠵᠠᠢ᠃ ᠼᠧᠽᠠᠷ ᠤᠨ ᠠᠯᠠᠯᠭ᠎ᠠ ᠶᠢᠨ ᠳᠠᠷᠠᠭ᠎ᠠ (ᠮᠠᠨ ᠤ ᠡᠷᠡᠨ ᠦ ᠡᠮᠦᠨ᠎ᠡ 44 ᠣᠨ) ᠡᠷᠬᠡ ᠮᠡᠳᠡᠯ ᠦᠨ ᠲᠥᠯᠥᠭᠡ ᠲᠡᠮᠡᠴᠡᠯ ᠳᠦ ᠣᠷᠣᠯᠴᠠᠵᠤ᠂ ᠬᠡᠳᠦ ᠬᠡᠳᠦᠨ ᠲᠤᠯᠤᠯᠳᠤᠭᠠᠨ ᠤ ᠳᠠᠷᠠᠭ᠎ᠠ ᠥᠪᠡᠷ ᠦᠨ ᠥᠷᠢᠰᠦᠯᠳᠦᠭᠴᠢ ᠯᠧᠫᠢᠳᠢᠮᠠᠷᠺ ᠠᠨᠲ᠋ᠣᠨᠢ ᠨᠠᠷ ᠤᠨ ᠬᠠᠮᠲᠤ ᠪᠠᠷ ᠬᠣᠶᠠᠷ ᠳ᠋ᠡᠬᠢ ᠲᠷᠢᠦᠶᠢᠮᠪᠠᠷ ᠲᠤ ᠍ ᠢ ᠪᠠᠶᠢᠭᠤᠯᠪᠠ᠃ ᠮᠠᠨ ᠤ ᠡᠷᠡᠨ ᠦ ᠡᠮᠦᠨ᠎ᠡ 32 ᠣᠨ ᠳᠤ ᠯᠧᠫᠢᠳ ᠢ᠂ ᠮᠠᠨ ᠤ ᠡᠷᠡᠨ ᠦ ᠡᠮᠦᠨ᠎ᠡ 31 ᠣᠨ ᠳᠤ ᠠᠺᠲ᠋ᠢᠤᠮ ᠤᠨ ᠲᠤᠯᠤᠯᠳᠤᠭᠠᠨ ᠳᠤ ᠮᠠᠷᠺ ᠠᠨᠲᠠᠨ ᠢ (ᠺᠯᠶᠣᠫᠠᠲᠷᠠᠲᠠᠢ ᠬᠠᠮᠲᠤᠷᠠᠭᠰᠠᠨ) ᠢᠯᠠᠵᠤ᠂ ᠲᠥᠷᠥ ᠶᠢᠨ ᠡᠷᠬᠡ ᠶᠢ ᠭᠠᠭᠴᠠᠭᠠᠷ ᠢᠶᠠᠨ ᠪᠠᠷᠢᠬᠤ ᠪᠣᠯᠤᠭᠰᠠᠨ ᠪᠠᠶᠢᠨ᠎ᠠ᠃ ᠠᠪᠭᠦ᠋ᠰ ᠲᠦ ᠫᠷᠢᠨᠰᠧᠫᠰ ᠴᠣᠯᠠ ᠬᠦᠷᠢᠲᠦᠨ ᠷᠤᠮᠠ ᠡᠵᠡᠨᠲᠦ ᠭᠦᠷᠦᠨ ᠬᠡᠮᠡᠨ ᠨᠡᠷᠡᠯᠡᠭᠳᠡᠬᠦ ᠪᠣᠯᠪᠠ᠃ ᠡᠬᠢᠨ ᠳᠦ ᠪᠡᠨ ᠪᠦᠭᠦᠳᠡ ᠨᠠᠶᠢᠷᠠᠮᠳᠠᠬᠤ ᠵᠠᠰᠠᠭᠯᠠᠯ ᠢ ᠳᠡᠮᠵᠢᠵᠦ᠂ ᠤᠯᠤᠰ ᠣᠷᠣᠨ ᠢᠶᠠᠨ ᠺᠣᠨᠰᠤᠶᠢᠯ ᠰᠢᠭ ᠤᠳᠤᠷᠢᠳᠥᠵᠤ ᠪᠠᠶᠢᠭᠰᠠᠨ ᠴᠤ ᠮᠠᠨ ᠤ ᠡᠷᠡᠨ ᠦ ᠡᠮᠦᠨ᠎ᠡ 27 ᠣᠨ ᠳᠤ ᠠᠤᠭᠤᠰᠲ ᠴᠣᠯᠠ ᠬᠦᠷᠢᠲᠦᠵᠦ᠂ ᠳᠥᠷᠪᠡᠨ ᠵᠢᠯ ᠦᠨ ᠳᠠᠷᠠᠭ᠎ᠠ ᠬᠡᠮᠵᠢᠶ᠎ᠡ ᠦᠭᠡᠢ ᠡᠷᠬᠡᠲᠦ ᠡᠵᠡᠨ ᠬᠠᠭᠠᠨ ᠪᠣᠯᠵᠠᠢ᠃ ᠲᠡᠭᠦᠨ ᠦ ᠵᠠᠰᠠᠭᠯᠠᠯ ᠤᠨ ᠦᠶ᠎ᠡ ᠳᠦ (ᠮᠠᠨ ᠤ ᠡᠷᠡᠨ ᠦ ᠡᠮᠦᠨ᠎ᠡ 31 – ᠮᠠᠨ ᠤ ᠡᠷᠡᠨ ᠦ 14 ᠣᠨ) ᠷᠣᠮᠣᠴᠤᠳ ᠤᠨ ᠠᠮᠢᠳᠤᠷᠠᠯ ᠤᠨ ᠬᠡᠪ ᠮᠠᠶ᠋ᠢᠭ ᠥᠭᠡᠷᠡᠴᠢᠯᠡᠭᠳᠡᠵᠦ᠂ ᠭᠷᠧᠺ - ᠷᠤᠮᠠᠨᠢᠶ ᠠ ᠶᠢᠷᠲᠢᠨᠴᠦ ᠬᠥᠭᠵᠢᠨ ᠴᠡᠴᠡᠭᠯᠡᠵᠦ ᠪᠠᠶᠢᠪᠠ᠃ ᠠᠪᠭᠦ᠋ᠰ ᠲᠦ ᠡᠵᠡᠨ ᠳᠦ ᠭᠦᠷᠦᠨ ᠦ ᠠᠯᠤᠰᠯᠠᠭᠳᠠᠭᠰᠠᠨ ᠮᠤᠵᠢᠭᠤᠳᠠ ᠶᠢ ᠬᠠᠮᠠᠭᠠᠯᠠᠬᠤ᠂ ᠵᠠᠮ ᠲᠠᠯᠪᠢᠬᠤ ᠪᠣᠯᠤᠨ ᠪᠤᠰᠤᠳ ᠣᠯᠠᠨ ᠨᠡᠶᠢᠲᠡ ᠶᠢᠨ ᠠᠵᠢᠯ ᠡᠬᠢᠯᠡᠭᠦᠯᠦᠨ᠂ ᠫᠠᠺᠰ ᠷᠣᠮᠠᠨ ᠍ ᠤᠨ ᠦᠨᠳᠦᠰᠦ ᠶᠢ ᠲᠠᠯᠪᠢᠵᠤ᠂ ᠤᠷᠠᠯᠢᠭ ᠰᠤᠶᠤᠯ ᠢ ᠬᠥᠬᠥᠦᠯᠡᠨ ᠳᠡᠮᠵᠢᠵᠦ ᠪᠠᠶᠢᠪᠠ᠃ ᠲᠡᠷᠡ ᠪᠡᠷ ᠷᠤᠮᠠᠨᠢᠶ ᠠ ᠶᠣᠰᠣ ᠰᠤᠷᠲᠠᠬᠤᠨ ᠤ ᠰᠤᠷᠭᠠᠯ ᠤᠳ ᠢ ᠵᠠᠰᠠᠪᠤᠷᠢᠯᠠᠬᠤ ᠠᠯᠬᠤᠮ ᠤᠳ ᠢ ᠬᠢᠵᠦ᠂ ᠥᠪᠡᠷ ᠦᠨ ᠥᠬᠢᠨ ᠵᠤᠯᠢᠶ᠎ᠠ ᠶᠢ ᠰᠠᠳᠤᠷ ᠰᠠᠮᠠᠭᠤᠨ ᠶᠠᠪᠤᠳᠠᠯ ᠲᠠᠢ ᠬᠡᠮᠡᠨ ᠴᠥᠯᠡᠯᠭᠡ ᠳᠦ ᠶᠠᠪᠤᠭᠤᠯᠵᠤ ᠪᠠᠶᠢᠪᠠ᠃ ᠲᠡᠭᠦᠨ ᠢ ᠨᠠᠰᠤ ᠪᠠᠷᠠᠬᠤ ᠦᠶ᠎ᠡ ᠳᠦ ᠡᠵᠡᠨᠲᠦ ᠭᠦᠷᠦᠨ ᠨᠢ ᠢᠪᠧᠷᠢᠡᠰᠡ ᠺᠠᠫᠫᠠᠳᠣᠺᠢ ᠬᠦᠷᠲᠡᠯ᠎ᠡ᠂ ᠭᠠᠯᠯᠠ ᠠᠴᠠ ᠶᠸᠵᠠᠫᠲ ᠬᠦᠷᠲᠡᠯ᠎ᠡ ᠥᠷᠭᠡᠨ ᠠᠭᠤᠳᠠᠮ ᠪᠣᠯᠤᠭᠰᠠᠨ ᠪᠠᠶᠢᠪᠠ᠃ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠪᠤᠷᠬᠠᠨᠴᠢᠯᠠᠨ ᠰᠢᠲᠦᠬᠦ ᠪᠣᠯᠵᠠᠢ᠃

ᠠᠩᠬᠠᠳᠠᠭᠴᠢ ᠡᠬᠡ ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠠᠳᠠᠭᠴᠢ ᠡᠬᠡ ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ