ᠠᠪᠤᠷᠭᠤ ᠵᠢᠭᠠᠰᠤ ᠪᠤᠯᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
*
United Nations Educational Scientific and Cultural Organization ᠍ ᠶᠢᠨ ᠳᠡᠯᠡᠬᠡᠢ ᠶᠢᠨ ᠥᠪ

Shark Bay Phytoplankton in Bloom.jpg
ᠠᠪᠤᠷᠭᠤ ᠵᠢᠭᠠᠰᠤ ᠪᠤᠯᠤᠨ᠃ ᠬᠢᠮᠡᠯ ᠳᠠᠭᠠᠭᠤᠯᠢ ᠠᠴᠠ ᠠᠪᠤᠭᠰᠠᠨ ᠵᠢᠷᠤᠭ
ᠲᠥᠷᠥᠯ ᠪᠠᠶᠢᠭᠠᠯᠢ ᠶᠢᠨ
ᠰᠢᠯᠭᠠᠭᠤᠷ vii, viii, ix, x
ᠳ᠋ᠤᠭᠠᠷ 578
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ ᠳᠠᠬᠢ ᠳᠡᠯᠡᠬᠡᠢ ᠶᠢᠨ ᠥᠪ ᠦᠳ‎
ᠪᠦᠷᠢᠳᠬᠡᠭᠰᠡᠨ ᠲᠡᠦᠬᠡ
ᠪᠦᠷᠢᠳᠬᠡᠭᠰᠡᠨ 1991  (15 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃

ᠠᠪᠤᠷᠭᠤ ᠵᠢᠭᠠᠰᠤ ᠪᠤᠯᠤᠨ (ᠠᠩᠭᠯᠢ ᠪᠠᠷ Shark Bay, Western Australia) ᠨᠢ ᠪᠠᠷᠠᠭᠤᠨ ᠠᠦᠢᠰᠲ᠋ᠷᠯᠢᠶ᠎ᠠ ᠍ ᠶᠢᠨ ᠭᠠᠰᠺᠣᠢ ᠶᠢᠨ ᠮᠤᠵᠢ ᠳᠤ ᠤᠷᠤᠰᠢᠬᠤ ᠪᠥᠭᠡᠳ ᠫᠧᠷᠲ ᠡᠴᠡ ᠤᠮᠠᠷ᠎ᠠ ᠵᠦᠭ ᠲᠤ 800 km ᠣᠷᠴᠢᠮ ᠠᠯᠤᠰᠯᠠᠭᠳᠠᠭᠰᠠᠨ ᠠᠦᠢᠰᠲ᠋ᠷᠯᠢᠶ᠎ᠠ ᠶᠢᠨ ᠡᠬᠡ ᠭᠠᠵᠠᠷ ᠤᠨ ᠬᠠᠮᠤᠭ ᠤᠨ ᠪᠠᠷᠠᠭᠤᠨ ᠵᠠᠬ᠎ᠠ ᠶᠢᠨ ᠪᠤᠯᠤᠨ ᠶᠤᠮ᠃ 1616 ᠣᠨ ᠳᠤ ᠳ᠋ᠢᠷᠺ ᠬᠠᠷᠲᠣᠭ ᠤᠭ ᠪᠤᠯᠤᠨ ᠢ ᠨᠡᠭᠡᠭᠡᠭᠰᠡᠨ ᠪᠥᠭᠡᠳ 1699 ᠣᠨ ᠳᠤ ᠸᠢᠯᠢᠶᠮ ᠳᠠᠮᠫᠢᠶᠧᠷ ᠠᠪᠤᠷᠭᠤ ᠵᠢᠭᠠᠰᠤ ᠪᠤᠯᠤᠨ ᠬᠡᠮᠡᠨ ᠨᠡᠷᠡᠶᠢᠳᠴᠡᠢ᠃ ᠤᠭ ᠪᠥᠰᠡ ᠨᠤᠲᠤᠭ ᠲᠤ ᠪᠤᠶᠤ ᠡᠷᠭᠢ ᠣᠷᠴᠢᠮ ᠤᠨ 1500 ᠺᠢᠯᠣᠮᠧᠲ᠋ᠷ ᠵᠤᠷᠪᠤᠰ ᠲᠤ 1000 ᠣᠷᠴᠢᠮ ᠪᠠᠶᠢᠩᠭᠤ ᠶᠢᠨ ᠣᠷᠣᠰᠢᠨ ᠰᠠᠭᠤᠭᠴᠢ ᠠᠮᠢᠳᠤᠷᠠᠳᠠᠭ᠃ ᠠᠪᠤᠷᠭᠤ ᠵᠢᠭᠠᠰᠤ ᠪᠤᠯᠤᠨ ᠨᠢ 10000 ᠺᠦᠸᠠᠳ᠋ ᠺᠢᠯᠣᠮᠧᠲ᠋ᠷ ᠤᠰᠤᠨ ᠭᠠᠳᠠᠷᠭᠤ ᠲᠠᠢ ᠪᠥᠭᠡᠳ ᠳᠤᠮᠳᠠᠴᠢ ᠭᠦᠨ ᠨᠢ 10 ᠮ ᠭᠡᠵᠦ ᠲᠡᠮᠳᠡᠭᠯᠡᠳᠡᠭ᠃ ᠡᠷᠭᠢ ᠣᠷᠴᠢᠮ ᠳᠤ ᠭᠦᠶᠦᠬᠡᠨ ᠤᠰᠤ ᠪᠠᠷ ᠲᠤᠰᠠᠭᠠᠷᠯᠠᠭᠳᠠᠭᠰᠠᠨ ᠣᠯᠠᠨ ᠲᠣᠭᠠᠨ ᠤ ᠠᠷᠠᠯᠬᠣᠶᠢᠭ ᠦᠳ ᠪᠤᠢ ᠪᠣᠯᠤᠭᠰᠠᠨ ᠪᠠᠶᠢᠳᠠᠭ᠃ ᠡᠷᠭᠢ ᠶᠢᠨ ᠨᠡᠶᠢᠲᠡ ᠤᠷᠲᠤ ᠨᠢ 1500 ᠺᠢᠯᠣᠮᠧᠲ᠋ᠷ ᠦᠷᠭᠦᠯᠵᠢᠯᠡᠨ᠎ᠡ᠃ ᠤᠭ ᠪᠤᠯᠤᠨ ᠨᠢ ᠠᠭᠤᠷ ᠠᠮᠢᠰᠬᠤᠯ ᠍ ᠤᠨ 3 ᠦᠨᠳᠦᠰᠦᠨ ᠮᠤᠵᠢ᠂ ᠪᠣᠲ᠋ᠠᠨᠢᠺᠡᠶᠢᠨ ᠬᠣᠶᠠᠷ ᠦᠨᠳᠦᠰᠦᠨ ᠮᠤᠵᠢ ᠶᠢᠨ ᠠᠭᠤᠯᠵᠠᠪᠤᠷᠢ ᠪᠣᠯᠳᠠᠭ ᠢᠶᠠᠷ ᠢᠶᠠᠨ ᠨᠡᠩ ᠭᠠᠶᠢᠬᠠᠮᠰᠢᠭᠲᠠᠢ ᠳᠤ ᠲᠣᠭᠠᠴᠠᠭᠳᠠᠳᠠᠭ ᠲᠤᠯᠠ 1991 ᠣᠨ ᠳᠤ United Nations Educational Scientific and Cultural Organization ᠳᠡᠯᠡᠬᠡᠢ ᠶᠢᠨ ᠥᠪ ᠳᠤ ᠪᠦᠷᠢᠳᠬᠡᠨ ᠠᠪᠴᠠᠢ᠃ ᠡᠨᠳᠡ 10000 ᠭᠠᠷᠤᠢ ᠲᠣᠯᠣᠭᠠᠢ ᠳᠠᠯᠠᠢ ᠶᠢᠨ ᠦᠨᠢᠶ᠎ᠡ ᠨᠤᠲᠤᠭᠯᠠᠳᠠᠭ ᠪᠠ ᠣᠯᠠᠨ ᠵᠦᠢᠯ ᠳᠠᠯᠠᠢ ᠶᠢᠨ ᠭᠠᠬᠠᠢ ᠠᠮᠢᠳᠤᠷᠠᠳᠠᠭ᠃ ᠠᠦᠢᠰᠲ᠋ᠷᠯᠢᠶ᠎ᠠ ᠶᠢᠨ ᠬᠥᠬᠥᠲᠡᠨ ᠠᠮᠢᠲᠠᠳ ᠤᠨ ᠳᠣᠲᠣᠷ᠎ᠠ ᠠᠴᠠ ᠤᠰᠠᠳᠬᠤ ᠠᠶᠤᠯ ᠳᠤ ᠣᠶᠢᠷᠠᠬᠠᠨ ᠪᠠᠶᠢᠭ᠎ᠠ 26 ᠵᠦᠢᠯ ᠠᠮᠢᠲᠠᠨ ᠤ ᠠᠭᠤᠭᠤᠯ ᠨᠤᠲᠤᠭ ᠪᠣᠯᠬᠤ ᠠᠴᠠ ᠭᠠᠳᠠᠨ᠎ᠠ 230 ᠭᠠᠷᠤᠢ ᠵᠦᠢᠯ ᠰᠢᠪᠠᠭᠤ᠂ 150 ᠭᠠᠷᠤᠢ ᠵᠦᠢᠯ ᠬᠡᠪᠡᠯᠢ ᠪᠡᠷ ᠶᠠᠪᠤᠭᠴᠢ ᠲᠡᠮᠳᠡᠭᠯᠡᠭᠳᠡᠵᠡᠢ᠃ ᠮᠠᠰᠢ ᠣᠯᠠᠨ ᠵᠦᠢᠯ ᠦᠨ ᠵᠢᠭᠠᠰᠤᠦᠶᠡᠲᠦ ᠬᠥᠯᠲᠡᠨᠨᠢᠯᠴᠠᠭᠠᠢ ᠪᠡᠶᠡᠲᠡᠨ ᠨᠦᠭᠦᠳ ᠦᠨ ᠦᠷᠡᠵᠢᠯ ᠦᠨ ᠭᠣᠣᠯ ᠨᠤᠲᠤᠭ ᠨᠢ ᠠᠪᠤᠷᠭᠤ ᠵᠢᠭᠠᠰᠤ ᠪᠤᠯᠤᠨ ᠶᠤᠮ᠃ 323 ᠵᠦᠢᠯ ᠦᠨ ᠵᠢᠭᠠᠰᠤ ᠲᠡᠮᠳᠡᠭᠯᠡᠭᠳᠡᠭᠰᠡᠨ ᠦ ᠳᠣᠲᠣᠷ᠎ᠠ ᠠᠪᠤᠷᠭᠤ ᠵᠢᠭᠠᠰᠤᠳᠡᠪᠢᠭᠦᠷ ᠵᠢᠭᠠᠰᠤᠨ ᠤ ᠣᠯᠠᠨ ᠲᠥᠷᠥᠯ ᠦᠳ ᠠᠮᠢᠳᠤᠷᠠᠳᠠᠭ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Shark Bay
ᠠᠯᠪᠠᠨ ᠶᠣᠰᠣᠨ ᠤ ᠸᠪ ᠰᠠᠶᠢᠲᠤ ᠨᠤᠭᠤᠳ
ᠨᠡᠮᠡᠯᠲᠡ ᠮᠡᠳᠡᠭᠡᠯᠡᠯ

ᠪᠢᠴᠢᠭᠡᠰᠦ