ᠠᠪᠤ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

1᠃ ᠲᠦᠷᠦᠭᠰᠡᠨ ᠡᠴᠢᠭᠡ ᠶᠢ ᠲᠠᠭᠤᠳᠠᠬᠤ ᠦᠭᠡ;

2᠃ ᠲᠦᠷᠦᠭᠰᠡᠨ ᠡᠴᠢᠭᠡ - ᠨᠠᠷᠠᠰᠤ ᠭᠡᠳᠡᠭ ᠮᠣᠳᠣ ᠪᠠᠷ ᠨᠠᠭᠠᠳᠤᠮ ᠢ ᠮᠢᠨᠢ ᠰᠡᠶᠢᠯᠦᠭᠰᠡᠨ ᠠᠪᠤ ᠮᠢᠨᠢ ᠳ᠋ᠡ ᠬᠥ᠃ ᠠᠷᠠᠳ ᠤᠨ ᠠᠮᠠᠨ ᠵᠣᠬᠢᠶᠠᠯ; 3᠃ ᠲᠦᠷᠦᠭᠰᠡᠨ ᠡᠴᠢᠭᠡ ᠲᠡᠢ ᠠᠳᠠᠯᠢᠳᠬᠠᠨ ᠦᠵᠡᠬᠦ ᠬᠦᠨᠳᠦ ᠲᠡᠢ ᠬᠦᠮᠦᠨ; ᠡᠷᠭᠦᠭᠰᠡᠨ ᠠᠪᠤ (ᠦᠷᠡᠴᠢᠯᠡᠨ ᠠᠪᠴᠤ ᠥᠰᠬᠡᠭᠰᠡᠨ ᠠᠪᠤ)᠂ ᠲᠡᠵᠢᠭᠡᠭᠰᠡᠨ ᠠᠪᠤ (ᠥᠪᠡᠷ ᠦᠨ ᠬᠡᠦᠬᠡᠳ ᠠᠳᠠᠯᠢ ᠦᠵᠡᠵᠦ ᠥᠰᠬᠡᠨ ᠬᠦᠮᠦᠵᠢᠭᠦᠯᠦᠭᠰᠡᠨ ᠠᠪᠤ)᠂ ᠪᠤᠭᠤᠷᠤᠯ ᠠᠪᠤ (ᠠ᠃ ᠡᠪᠦᠭᠡ ᠡᠴᠢᠭᠡ; ᠪ᠃ ᠡᠪᠦᠭᠡᠨ ᠠᠪᠤ᠂ ᠥᠨᠳᠥᠷ ᠨᠠᠰᠤᠲᠠᠢ ᠠᠪᠤ)᠂ ᠡᠪᠦᠭᠡᠨ ᠠᠪᠤ (ᠠᠪᠤ ᠶᠢᠨ ᠡᠴᠢᠭᠡ)᠂ ᠬᠠᠳᠠᠮ ᠠᠪᠤ (ᠡᠬᠡᠨᠡᠷ᠂ ᠨᠥᠬᠥᠷ ᠦᠨ ᠡᠴᠢᠭᠡ)᠂ ᠬᠣᠶᠢᠳ ᠠᠪᠤ (ᠲᠦᠷᠦᠭᠰᠡᠨ ᠡᠴᠢᠭᠡ ᠶᠢᠨ ᠳᠠᠷᠠᠭ᠎ᠠ ᠪᠠᠷ ᠲᠦᠷᠦᠭᠰᠡᠨ ᠡᠬᠢ ᠲᠡᠢ ᠰᠠᠭᠤᠭᠰᠠᠨ ᠬᠦᠮᠦᠨ)᠂ ᠠᠪᠤ ᠡᠵᠢ 〔ᠬᠣᠷᠰᠢᠶ᠎ᠠ〕 (ᠡᠴᠢᠭᠡ ᠡᠬᠡ) - ᠡᠴᠢᠭᠡ ᠲᠩᠷᠢ ᠡᠬᠡ ᠭᠠᠵᠠᠷ ᠪᠠ ᠨᠠᠷᠠᠨ ᠰᠠᠷᠠᠨ ᠢ ᠦᠵᠡᠭᠰᠡᠨ ᠠᠪᠤ ᠡᠵᠢ ᠶᠠᠭᠤ ᠶᠢ ᠪᠠᠨ ᠪᠠᠶᠠᠰᠬᠠᠵᠤ ᠡᠨᠡ ᠨᠡᠷ᠎ᠡ ᠪᠡᠨ ᠣᠯᠤᠭᠰᠠᠨ ..᠃ ᠸ ∙ ᠢᠨᠵᠠᠨᠠᠰᠢ᠃ ᠬᠥᠬᠡ ᠰᠤᠳᠤᠷ; ‍ᠠᠪᠤ ᠶᠢᠨ ᠴᠢᠭᠡᠵᠦ (ᠠ᠃ ᠬᠠᠭᠠᠬᠠᠭᠠᠷ᠂ ᠳᠠᠪᠠᠯᠢᠭᠤᠨ ᠵᠠᠩ ᠲᠠᠢ ᠬᠡᠦᠬᠡᠳ ᠪᠤᠶᠤ ᠵᠠᠯᠠᠭᠤ - ᠠᠬᠠᠮᠠᠳ ᠬᠦᠮᠦᠨ ᠦ ᠳᠡᠷᠭᠡᠳᠡ ᠶᠡᠬᠡ ᠦᠭᠡ ᠬᠡᠯᠡᠵᠦ ᠪᠣᠯᠬᠤ ᠦᠭᠡᠢ᠃ ᠲᠡᠭᠡᠪᠡᠯ ᠠᠪᠤ ᠶᠢᠨ ᠴᠢᠭᠡᠵᠦ ᠭᠡᠵᠦ ᠮᠠᠭᠤ ᠬᠡᠯᠡᠨ᠎ᠡ᠃ ᠰ ∙ ᠳᠠᠰᠢᠳᠣᠣᠷᠪᠠ᠃ ᠭᠣᠪᠢ ᠶᠢᠨ ᠥᠨᠳᠥᠷ; ᠪ.〔ᠶᠠᠷᠢᠶ᠎ᠠ〕 ᠤᠯᠤᠠᠨᠠᠪᠰᠺ ᠦ ᠠᠦ᠋ᠲ᠋ᠣᠮᠣᠪᠢᠯᠩ ᠤᠢ ᠵᠠᠪᠤᠳ᠋ ᠮᠠᠷᠺ ᠤᠨ ᠪᠠᠭ᠎ᠠ ᠣᠪᠣᠷ ᠤᠨ ᠠᠴᠢᠶᠠᠨ ᠤ ᠠᠦ᠋ᠲ᠋ᠣᠮᠠᠰᠢᠨ)᠂ ‍ᠠᠪᠤ ᠶᠢᠨ ᠴᠢᠭᠡᠵᠦ ᠭᠠᠷᠭᠠᠬᠤ (ᠨᠠᠰᠤ ᠪᠠᠭ᠎ᠠ ᠬᠡᠦᠬᠡᠳ ᠬᠠᠭᠠᠬᠠᠭᠠᠷ᠂ ᠳᠠᠪᠠᠯᠢᠭᠤᠨ ᠵᠠᠩ ᠭᠠᠷᠭᠠᠬᠤ) - ᠣᠳᠣ ᠶᠢᠨ ᠪᠠᠭᠠᠴᠤᠳ ᠳᠠᠩ ᠴᠤ ᠨᠠᠰᠤᠲᠠᠢ ᠬᠦᠮᠦᠨ ᠦ ᠦᠭᠡ ᠠᠪᠬᠤ ᠦᠭᠡᠢ᠂ ᠠᠪᠤ ᠶᠢᠨ ᠴᠢᠭᠡᠵᠦ ᠭᠠᠷᠭᠠᠭᠠᠳ ᠪᠠᠶᠢᠬᠤ ᠪᠣᠯᠴᠢᠬᠠᠵᠠᠢ᠃ ᠳ ∙ ᠮᠢᠭᠮᠠᠷ᠃ ᠨᠢᠭᠡᠨ ᠪᠠᠶᠢᠰᠢᠩ ᠤᠨ ᠲᠡᠦᠬᠡ; ‍ᠠᠪᠤ ᠶᠢᠨ ᠰᠢᠭᠢᠷ᠎ᠠ ᠬᠠᠲᠠᠭᠠᠬᠤ (ᠠᠪᠤ ᠶᠢᠨ ᠢᠶᠠᠨ ᠠᠵᠢᠯ ᠦᠢᠯᠡᠰ ᠢ ᠦᠷᠭᠦᠯᠵᠢᠯᠡᠭᠦᠯᠬᠦ)᠂ ‍ᠠᠪᠤ ᠳᠤ ᠪᠠᠨ ᠠᠳᠤᠭᠤ ᠮᠠᠨᠠᠬᠤ ᠶᠢ ᠵᠢᠭᠠᠬᠤ ~ ᠠᠪᠤ ᠳᠤ ᠪᠠᠨ ᠠᠪᠤᠭᠠᠢ ᠠᠪᠬᠤ ᠶᠢ ᠵᠢᠭᠠᠬᠤ (ᠠ᠃ ᠮᠡᠳᠡᠭᠡᠵᠢ ᠶᠢᠨ ᠶᠠᠭᠤᠮ᠎ᠠ ᠶᠢ ᠵᠢᠭᠠᠬᠤ; ᠡ᠃ ᠳᠡᠮᠡᠢ᠂ ᠢᠯᠡᠭᠦᠦ ᠦᠭᠡ ᠶᠠᠷᠢᠬᠤ); ‍ᠠᠪᠤ ᠶᠢᠨ ᠳᠤ ᠤᠷᠤᠬᠤ ~ ‍ᠠᠪᠤ ᠶᠢᠨ ᠳᠤ ᠰᠠᠭᠤᠬᠤ ~ ‍ᠠᠪᠤ ᠶᠢᠨ ᠳᠤ ᠣᠴᠢᠬᠤ (ᠱᠣᠷᠣᠩ ᠳᠤ ᠤᠷᠤᠬᠤ) ~ ‍ᠠᠪᠤ ᠶᠢᠨ ᠬᠠᠭᠠᠯᠭ᠎ᠠ ᠲᠠᠲᠠᠬᠤ (ᠱᠣᠷᠣᠩ ᠳᠤ ᠤᠷᠤᠬᠤ)᠂ ᠠᠪᠤ ᠶᠢᠨ ᠪᠤᠢ ᠳᠤ ᠬᠦᠮᠦᠨ ᠲᠠᠨᠢ᠂ ᠠᠭᠲᠠᠨ ᠤ ᠪᠤᠢ ᠳᠤ ᠭᠠᠵᠠᠷ ᠦᠵᠡ 〔ᠵᠦᠢᠷ ᠰᠡᠴᠡᠨ ᠦᠭᠡ〕 (ᠠᠯᠢᠪᠠ ᠠᠵᠢᠯ ᠦᠢᠯᠡ ᠶᠢ ᠲᠤᠰᠠᠯᠠᠵᠤ ᠵᠥᠪᠯᠡᠬᠦ ᠬᠦᠮᠦᠨ ᠪᠤᠢ ᠪᠣᠯᠤᠯᠴᠠᠭ᠎ᠠ ᠲᠠᠢ ᠦᠶ᠎ᠡ ᠳᠦ ᠨᠢ ᠠᠮᠵᠢᠵᠤ ᠬᠡᠢ ᠭᠡᠰᠡᠨ ᠰᠠᠨᠠᠭ᠎ᠠ)᠂ ᠠᠪᠤ ᠶᠢᠨ ᠰᠤᠷᠭᠠᠯ ᠠᠯᠲᠠ᠂ ᠡᠵᠢ ᠶᠢᠨ ᠰᠤᠷᠭᠠᠯ ᠡᠷᠳᠡᠨᠢ 〔ᠵᠦᠢᠷ ᠰᠡᠴᠡᠨ ᠦᠭᠡ〕 (ᠠᠪᠤ ᠡᠵᠢ ᠶᠢᠨ ᠦᠭᠡ ᠰᠤᠷᠭᠠᠮᠵᠢ ᠠᠯᠲᠠ ᠡᠷᠳᠡᠨᠢ ᠡᠴᠡ ᠦᠨ᠎ᠡ ᠴᠡᠨ᠎ᠡ ᠲᠡᠢ ᠭᠡᠰᠡᠨ ᠰᠠᠨᠠᠭ᠎ᠠ)᠂ ᠠᠪᠤ ᠶᠢᠨ ᠬᠡᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ 〔ᠵᠦᠢᠷ ᠰᠡᠴᠡᠨ ᠦᠭᠡ〕 (ᠬᠦᠮᠦᠨ ᠪᠦᠬᠦᠨ ᠠᠳᠠᠯᠢ ᠦᠭᠡᠢ᠂ ᠬᠦᠮᠦᠨ ᠦ ᠠᠪᠢᠶᠠᠰ ᠴᠢᠳᠠᠪᠤᠷᠢ ᠴᠤ ᠶᠠᠭᠤᠮ᠎ᠠ ᠪᠦᠬᠦᠨ ᠳᠦ ᠠᠳᠠᠯᠢ ᠦᠭᠡᠢ ᠭᠡᠰᠡᠨ ᠰᠠᠨᠠᠭ᠎ᠠ)᠃ ᠪᠤᠭᠤᠷᠤᠯ ᠠᠪᠤ - ᠠ᠃ ᠡᠪᠦᠭᠡ ᠡᠴᠢᠭᠡ; ᠪ᠃ ᠡᠪᠦᠭᠡᠨ ᠠᠪᠤ᠂ ᠥᠨᠳᠥᠷ ᠨᠠᠰᠤᠲᠠᠢ ᠠᠪᠤ ᠡᠪᠦᠭᠡᠨ ᠠᠪᠤ - ᠠᠪᠤ ᠶᠢᠨ ᠡᠴᠢᠭᠡ ᠬᠠᠳᠠᠮ ᠠᠪᠤ - ᠡᠬᠡᠨᠡᠷ᠂ ᠨᠥᠬᠥᠷ ᠦᠨ ᠡᠴᠢᠭᠡ ᠬᠣᠶᠢᠳ ᠠᠪᠤ - ᠲᠦᠷᠦᠭᠰᠡᠨ ᠡᠴᠢᠭᠡ ᠶᠢᠨ ᠳᠠᠷᠠᠭ᠎ᠠ ᠪᠠᠷ ᠲᠦᠷᠦᠭᠰᠡᠨ ᠡᠬᠢ ᠲᠡᠢ ᠰᠠᠭᠤᠭᠰᠠᠨ ᠬᠦᠮᠦᠨ ᠠᠪᠤ ᠡᠵᠢ - ᠡᠴᠢᠭᠡ ᠡᠬᠡ ᠠᠪᠤ ᠶᠢᠨ ᠴᠢᠭᠡᠵᠦ - ᠠ᠃ ᠬᠠᠭᠠᠬᠠᠭᠠᠷ᠂ ᠳᠠᠪᠠᠯᠢᠭᠤᠨ ᠵᠠᠩ ᠲᠠᠢ ᠬᠡᠦᠬᠡᠳ ᠪᠤᠶᠤ ᠵᠠᠯᠠᠭᠤ - ᠠᠬᠠᠮᠠᠳ ᠬᠦᠮᠦᠨ ᠦ ᠳᠡᠷᠭᠡᠳᠡ ᠶᠡᠬᠡ ᠦᠭᠡ ᠬᠡᠯᠡᠵᠦ ᠪᠣᠯᠬᠤ ᠦᠭᠡᠢ᠃ ᠲᠡᠭᠡᠪᠡᠯ ᠠᠪᠤ ᠶᠢᠨ ᠴᠢᠭᠡᠵᠦ ᠭᠡᠵᠦ ᠮᠠᠭᠤ ᠬᠡᠯᠡᠨ᠎ᠡ᠃ ᠰ ∙ ᠳᠠᠰᠢᠳᠣᠣᠷᠪᠠ᠃ ᠭᠣᠪᠢ ᠶᠢᠨ ᠥᠨᠳᠥᠷ; ᠪ᠃ 〔ᠶᠠᠷᠢᠶ᠎ᠠ〕 ᠤᠯᠤᠠᠨᠠᠪᠰᠺ ᠦ ᠠᠦ᠋ᠲ᠋ᠣᠮᠣᠪᠢᠯᠩ ᠤᠢ ᠵᠠᠪᠤᠳ᠋ ᠮᠠᠷᠺ ᠤᠨ ᠪᠠᠭ᠎ᠠ ᠣᠪᠣᠷ ᠤᠨ ᠠᠴᠢᠶᠠᠨ ᠤ ᠠᠦ᠋ᠲ᠋ᠣᠮᠠᠰᠢᠨ᠃ ᠠᠪᠤ ᠶᠢᠨ ᠴᠢᠭᠡᠵᠦ ᠭᠠᠷᠭᠠᠬᠤ - ᠨᠠᠰᠤ ᠪᠠᠭ᠎ᠠ ᠬᠡᠦᠬᠡᠳ ᠬᠠᠭᠠᠬᠠᠭᠠᠷ᠂ ᠳᠠᠪᠠᠯᠢᠭᠤᠨ ᠵᠠᠩ ᠭᠠᠷᠭᠠᠬᠤ ᠠᠪᠤ ᠶᠢᠨ ᠰᠢᠭᠢᠷ᠎ᠠ ᠬᠠᠲᠠᠭᠠᠬᠤ - ᠠᠪᠤ ᠶᠢᠨ ᠢᠶᠠᠨ ᠠᠵᠢᠯ ᠦᠢᠯᠡᠰ ᠢ ᠦᠷᠭᠦᠯᠵᠢᠯᠡᠭᠦᠯᠬᠦ ᠠᠪᠤ ᠳᠤ ᠪᠠᠨ ᠠᠳᠤᠭᠤ ᠮᠠᠨᠠᠬᠤ ᠶᠢ ᠵᠢᠭᠠᠬᠤ - ᠠᠪᠤ ᠳᠤ ᠪᠠᠨ ᠰᠤᠷᠭᠠᠮᠵᠢ ᠦᠭᠡ ᠬᠡᠯᠡᠬᠦ᠂ ᠬᠡᠨ ᠳᠦ ᠴᠤ ᠮᠡᠳᠡᠭᠡᠵᠢ ᠶᠢᠨ ᠶᠠᠭᠤᠮ᠎ᠠ ᠶᠠᠷᠢᠬᠤ ᠠᠪᠤ ᠳᠤ ᠪᠠᠨ ᠠᠪᠤᠭᠠᠢ ᠠᠪᠬᠤ ᠶᠢ ᠵᠢᠭᠠᠬᠤ - ᠠ᠃ ᠮᠡᠳᠡᠭᠡᠵᠢ ᠶᠢᠨ ᠶᠠᠭᠤᠮ᠎ᠠ ᠶᠢ ᠵᠢᠭᠠᠬᠤ; ᠪ᠃ ᠳᠡᠮᠡᠢ᠂ ᠢᠯᠡᠭᠦᠦ ᠦᠭᠡ ᠶᠠᠷᠢᠬᠤ᠃ ᠠᠪᠤ ᠶᠢᠨ ᠳᠤ ᠤᠷᠤᠬᠤ ~ ᠠᠪᠤ ᠶᠢᠨ ᠳᠤ ᠰᠠᠭᠤᠬᠤ ~ ᠠᠪᠤ ᠶᠢᠨ ᠳᠤ ᠣᠴᠢᠬᠤ - ᠱᠣᠷᠣᠩ ᠳᠤ ᠤᠷᠤᠬᠤ ᠠᠪᠤ ᠶᠢᠨ ᠬᠠᠭᠠᠯᠭ᠎ᠠ ᠲᠠᠲᠠᠬᠤ - ᠱᠣᠷᠣᠩ ᠳᠤ ᠤᠷᠤᠬᠤ ᠠᠪᠤ ᠶᠢᠨ ᠪᠤᠢ ᠳᠤ ᠬᠦᠮᠦᠨ ᠲᠠᠨᠢ᠂ ᠠᠭᠲᠠᠨ ᠤ ᠪᠤᠢ ᠳᠤ ᠭᠠᠵᠠᠷ ᠦᠵᠡ - ᠠᠯᠢᠪᠠ ᠠᠵᠢᠯ ᠦᠢᠯᠡ ᠶᠢ ᠲᠤᠰᠠᠯᠠᠵᠤ ᠵᠥᠪᠯᠡᠬᠦ ᠬᠦᠮᠦᠨ ᠪᠤᠢ ᠪᠣᠯᠤᠯᠴᠠᠭ᠎ᠠ ᠲᠠᠢ ᠦᠶ᠎ᠡ ᠳᠦ ᠨᠢ ᠠᠮᠵᠢᠵᠤ ᠬᠡᠢ ᠭᠡᠰᠡᠨ ᠰᠠᠨᠠᠭ᠎ᠠ ᠠᠪᠤ ᠶᠢᠨ ᠰᠤᠷᠭᠠᠯ ᠠᠯᠲᠠ᠂ ᠡᠵᠢ ᠶᠢᠨ ᠰᠤᠷᠭᠠᠯ ᠡᠷᠳᠡᠨᠢ - ᠠᠪᠤ ᠡᠵᠢ ᠶᠢᠨ ᠦᠭᠡ ᠰᠤᠷᠭᠠᠮᠵᠢ ᠠᠯᠲᠠ ᠡᠷᠳᠡᠨᠢ ᠡᠴᠡ ᠦᠨ᠎ᠡ ᠴᠡᠨ᠎ᠡ ᠲᠡᠢ ᠭᠡᠰᠡᠨ ᠰᠠᠨᠠᠭ᠎ᠠ ᠠᠪᠤ ᠶᠢᠨ ᠬᠡᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ - ᠬᠦᠮᠦᠨ ᠪᠦᠬᠦᠨ ᠠᠳᠠᠯᠢ ᠦᠭᠡᠢ᠂ ᠬᠦᠮᠦᠨ ᠦ ᠠᠪᠢᠶᠠᠰ ᠴᠢᠳᠠᠪᠤᠷᠢ ᠴᠤ ᠶᠠᠭᠤᠮ᠎ᠠ ᠪᠦᠬᠦᠨ ᠳᠦ ᠠᠳᠠᠯᠢ ᠦᠭᠡᠢ ᠭᠡᠰᠡᠨ ᠰᠠᠨᠠᠭ᠎ᠠ ᠡᠷᠭᠦᠭᠰᠡᠨ ᠠᠪᠤ - ᠦᠷᠡᠴᠢᠯᠡᠨ ᠠᠪᠴᠤ ᠥᠰᠬᠡᠭᠰᠡᠨ ᠠᠪᠤ ᠲᠡᠵᠢᠭᠡᠭᠰᠡᠨ ᠠᠪᠤ - ᠥᠪᠡᠷ ᠦᠨ ᠬᠡᠦᠬᠡᠳ ᠠᠳᠠᠯᠢ ᠦᠵᠡᠵᠦ ᠥᠰᠬᠡᠨ ᠪᠣᠶᠢᠵᠢᠭᠤᠯᠤᠭᠰᠠᠨ ᠠᠪᠤ ᠃


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠤᠩᠭᠤᠯ ᠬᠡᠯᠡᠨ ‍ᠤ ᠶᠡᠭᠡ ᠲᠠᠶᠢᠯᠪᠤᠷᠢ ᠲᠤᠯᠢ

http://wiki.uhaan.com/index.php?title=ᠠᠪᠤ᠋&oldid=468348》 ᠍  ᠡᠴᠡ ᠠᠪᠤᠭᠰᠠᠨ

ᠪᠢᠴᠢᠭᠡᠰᠦ