ᠠᠪᠠᠭ᠎ᠠ (ᠣᠪᠤᠭ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠨᠡ ᠬᠠᠭᠤᠳᠠᠰᠤ ᠮᠣᠩᠭᠣᠯ ᠤᠨ ᠣᠪᠤᠭ ᠠᠶᠢᠮᠠᠭ ᠤᠨ ᠲᠤᠬᠠᠢ᠃ ᠤᠷᠤᠭ ᠲᠥᠷᠥᠯ ᠦᠨ ᠨᠡᠷ᠎ᠡ ᠪᠣᠯ ᠠᠪᠠᠭ᠎ᠠ ᠶᠢ ᠦᠵᠡᠨ᠎ᠡ ᠦᠦ᠃

ᠠᠪᠠᠭ᠎ᠠ ᠨᠢ ᠮᠣᠩᠭᠣᠯ ᠍ ᠤᠨ ᠣᠪᠤᠭ ᠠᠶᠢᠮᠠᠭ ᠶᠤᠮ᠃ ᠬᠠᠭᠤᠴᠢᠨ ᠥᠪᠥᠷ ᠮᠣᠩᠭᠣᠯ ᠍ ᠤᠨ ᠰᠢᠯᠢ ᠶᠢᠨ ᠭᠣᠣᠯ ᠤᠨ 10 ᠴᠢᠭᠤᠯᠭᠠᠨ ᠤ ᠬᠠᠷᠢᠶᠠᠲᠤ ᠳᠥᠷᠪᠡᠨ ᠬᠣᠰᠢᠭᠤᠨ ᠤ ᠨᠡᠷ᠎ᠡ᠃

ᠠᠪᠠᠭ᠎ᠠ᠂ ᠠᠪᠠᠭ᠎ᠠ ᠨᠠᠷ ᠨᠢ ᠤᠭᠲᠤᠭ᠎ᠠ ᠴᠢᠩᠭᠢᠰ ᠬᠠᠭᠠᠨᠢ ᠳᠡᠭᠦᠦ ᠪᠡᠯᠭᠦᠲᠡᠢᠨ 17 ᠳ᠋ᠤᠭᠠᠷ ᠦᠶ᠎ᠡ ᠪᠠᠶᠠᠰᠬᠤ ᠪᠦᠷᠭᠦᠳ ᠨᠣᠶᠠᠨ ᠤ ᠤᠳᠤᠮ ᠤᠨ ᠨᠣᠶᠠᠳ ᠤᠨ ᠡᠵᠡᠮᠰᠢᠯ ᠪᠣᠯᠤᠨ᠎ᠠ᠃ ᠠᠪᠠᠭ᠎ᠠ ᠬᠡᠮᠡᠬᠦ ᠦᠭᠡ ᠨᠢ ᠦᠭᠡ ᠶᠢᠨ ᠭᠠᠷᠤᠯ ᠤᠨ ᠬᠤᠪᠢ ᠳᠤ ᠠᠪᠤ ᠶᠢᠨ ᠲᠥᠷᠥᠯ ᠦᠨ ᠬᠦᠮᠦᠨ ᠢ ᠠᠪᠠᠭ᠎ᠠ ᠭᠡᠬᠦ ᠠᠵᠤ᠃ ᠠᠪᠠᠭ᠎ᠠ᠂ ᠠᠪᠠᠭ᠎ᠠ ᠨᠠᠷ ᠬᠡᠮᠡᠬᠦ ᠣᠪᠤᠭ ᠨᠢ ᠨᠡᠯᠢᠶᠡᠳ ᠡᠷᠲᠡᠨ ᠦ ᠲᠡᠦᠬᠡ ᠲᠡᠢ ᠪᠥᠭᠡᠳ ᠴᠢᠩᠭᠢᠰ ᠬᠠᠭᠠᠨ ᠶᠡᠬᠡ ᠮᠣᠩᠭᠣᠯ ᠤᠯᠤᠰ ᠍ ᠢ ᠪᠠᠶᠢᠭᠤᠯᠤᠭᠰᠠᠨ ᠤ ᠬᠣᠶᠢᠨ᠎ᠠ 《ᠮᠡᠬᠦᠰ ᠪᠢ ᠪᠡᠯᠭᠦᠲᠡᠢᠨ ᠪᠥᠬᠡ ᠪᠡᠷ᠂ ᠬᠠᠰᠠᠷ ᠍ ᠤᠨ ᠬᠠᠷᠪᠤᠯᠭ᠎ᠠ ᠪᠠᠷ ᠶᠢᠷᠲᠢᠨᠴᠦ ᠶᠢ ᠡᠵᠡᠯᠡᠪᠡᠢ》 ᠬᠡᠮᠡᠨ ᠥᠪᠡᠷ ᠦᠨ ᠳᠡᠭᠦᠦ ᠨᠠᠷ ᠤᠨ ᠭᠠᠪᠢᠶ᠎ᠠ ᠶᠢ ᠥᠨᠳᠥᠷ ᠢᠶᠡᠷ ᠦᠨᠡᠯᠡᠨ ᠬᠤᠪᠢ ᠢᠷᠭᠡᠨ ᠣᠯᠭᠤᠭᠰᠠᠨ ᠠᠵᠢ᠃ ᠡᠭᠦᠨ ᠡᠴᠡ ᠪᠡᠯᠭᠦᠲᠡᠢ ᠶᠢᠨ ᠬᠤᠪᠢ ᠢᠷᠭᠡᠨ 1500 ᠡᠷᠦᠬᠡ ᠣᠨᠣᠨ᠂ ᠬᠡᠷᠡᠯᠦᠨ ᠭᠣᠣᠯ ᠤᠨ ᠰᠠᠪᠠ ᠭᠠᠵᠠᠷ ᠨᠤᠲᠤᠭᠯᠠᠨ ᠪᠠᠶᠢᠴᠠᠢ᠃ ᠪᠡᠯᠭᠦᠲᠡᠢ ᠨᠢ ᠬᠤᠲᠤᠬᠤ᠂ ᠶᠠᠩᠰᠢᠨᠪᠤᠬ᠎ᠠ᠂ ᠭᠦᠨᠪᠤᠬ᠎ᠠ ᠭᠡᠰᠡᠨ ᠭᠤᠷᠪᠠᠨ ᠬᠥᠪᠡᠭᠦᠨ ᠲᠡᠢ ᠪᠥᠭᠡᠳ ᠬᠤᠪᠢᠯᠠᠢ ᠬᠠᠭᠠᠨ ᠤ ᠦᠶ᠎ᠡ ᠭᠡᠬᠦ ᠳᠦ ᠪᠡᠯᠭᠦᠲᠡᠢ ᠶᠢᠨ ᠦᠷ᠎ᠡ ᠰᠠᠳᠤ ᠨᠢ 800 ᠬᠦᠮᠦᠨ ᠪᠣᠯᠤᠭᠰᠠᠨ ᠭᠡᠳᠡᠭ᠃

ᠮᠣᠩᠭᠣᠯ ᠤᠨ ᠶᠤᠸᠠᠨ ᠤᠯᠤᠰ ᠮᠥᠬᠦᠭᠰᠡᠨ ᠦ ᠬᠣᠶᠢᠨ᠎ᠠ ᠬᠠᠰᠠᠷ᠂ ᠪᠡᠯᠭᠦᠲᠡᠢ᠂ ᠬᠠᠴᠢᠭᠤᠨᠢ ᠬᠣᠶᠢᠴᠢᠰ ᠨᠣᠶᠠᠯᠠᠬᠤ ᠠᠶᠢᠮᠠᠭ ᠤᠳ ᠢ 《ᠭᠤᠷᠪᠠᠨ ᠣᠨᠤᠭ ᠲᠤ》, ᠮᠣᠩᠭᠣᠯ ᠬᠠᠭᠠᠳ ᠤᠨ 《ᠭᠤᠶ᠎ᠠ ᠠᠯᠪᠠᠲᠤ》 ᠭᠡᠬᠦ ᠵᠡᠷᠭᠡ ᠪᠡᠷ ᠲᠡᠮᠳᠡᠭᠯᠡᠨ ᠮᠥᠨ 《ᠪᠠᠷᠠᠭᠤᠨ ᠭᠤᠷᠪᠠᠨ ᠠᠪᠠᠭ᠎ᠠ》 ᠬᠡᠮᠡᠨ ᠨᠡᠷᠡᠶᠢᠳᠬᠦ ᠪᠣᠯᠤᠭᠰᠠᠨ ᠪᠠᠶᠢᠨ᠎ᠠ᠃ ᠠᠷᠪᠠᠨ ᠳᠣᠯᠤᠳᠤᠭᠠᠷ ᠵᠠᠭᠤᠨ ᠤ ᠡᠬᠢᠨ ᠦᠶ᠎ᠡ ᠭᠡᠬᠦ ᠳᠦ ᠲᠡᠳᠡᠭᠡᠷ ᠠᠶᠢᠮᠠᠭ ᠤᠳ ᠢ ᠨᠡᠶᠢᠲᠡ ᠳᠦ ᠨᠢ ᠠᠪᠠᠭ᠎ᠠᠣᠨᠤᠭ ᠲᠤ. ᠭᠡᠬᠦ ᠪᠣᠯᠤᠭᠰᠠᠨ ᠠᠵᠢ᠃ ᠠᠪᠠᠭ᠎ᠠ ᠨᠠᠷ 1450 ᠣᠨ ᠤ ᠦᠶ᠎ᠡ ᠳᠦ ᠪᠡᠯᠭᠦᠲᠡᠢ ᠶᠢᠨ 8 ᠍ ᠳᠦᠭᠡᠷ ᠦᠶ᠎ᠡ ᠶᠢᠨ ᠠᠴᠢ ᠮᠠᠭᠤᠯᠠᠬᠠᠢ ᠸᠠᠩᠭᠢ ᠶᠢᠨ ᠦᠶ᠎ᠡ ᠳᠦ ᠲᠣᠪᠣᠶᠢᠨ ᠭᠠᠷᠴᠤ ᠢᠷᠡᠵᠦ ᠪᠠᠶᠢᠭ᠎ᠠ ᠳᠤ ᠤᠳᠠᠯ ᠦᠭᠡᠢ ᠳᠠᠷᠤᠭᠳᠠᠭᠰᠠᠨ ᠪᠠᠶᠢᠨ᠎ᠠ᠃ Xᠵᠢᠷᠭᠤᠳᠤᠭᠠᠷ ᠵᠠᠭᠤᠨ ᠤ ᠰᠡᠭᠦᠯ ᠦᠶᠡᠰ ᠨᠣᠮ ᠲᠡᠮᠡᠭᠡ ᠳᠦ ᠬᠠᠨ ᠤ ᠬᠠᠲᠤᠨ ᠰᠠᠶᠢᠨ ᠵᠤᠯᠠ᠂ ᠲᠦᠮᠡᠳᠡᠢ ᠵᠠᠰᠠᠭᠲᠤ᠂ ᠪᠤᠳᠤᠰᠢᠷ ᠵᠠᠰᠠᠭ ᠲᠤ᠂ ᠰᠡᠴᠡᠨ ᠵᠢᠨᠦᠩ ᠲᠡᠷᠢᠭᠦᠲᠡᠢ ᠪᠠᠷᠠᠭᠤᠨ ᠭᠤᠷᠪᠠᠨ ᠠᠪᠠᠭ᠎ᠠ ᠨᠠᠷ ᠣᠨᠣᠨ᠂ ᠬᠡᠷᠡᠯᠦᠨ ᠭᠣᠣᠯ ᠤᠨ ᠰᠠᠪᠠ ᠭᠠᠵᠠᠷ ᠨᠤᠲᠤᠭᠯᠠᠨ ᠪᠠᠶᠢᠭᠰᠠᠨ ᠢᠶᠠᠨ ᠡᠮᠦᠨ᠎ᠡ ᠲᠡᠰᠢ ᠰᠢᠬᠠᠭᠳᠠᠵᠤ ᠡᠬᠢᠯᠡᠭᠰᠡᠨ ᠠᠵᠢ᠃

ᠵᠠᠪᠬᠠᠨ ᠠᠶᠢᠮᠠᠭ ᠤᠨ ᠨᠤᠲᠤᠭ ᠳᠠᠬᠢ ᠠᠪᠠᠭ᠎ᠠ ᠬᠡᠮᠡᠬᠦ ᠣᠪᠤᠭ ᠨᠢ 1582 ᠣᠨ ᠳᠤ ᠰᠠᠶᠢᠨ ᠵᠤᠯᠠ ᠬᠠᠲᠤᠨ ᠢ ᠳᠠᠭᠠᠨ ᠬᠠᠯᠬ᠎ᠠ ᠶᠢᠨ ᠪᠠᠷᠠᠭᠤᠨ ᠭᠠᠷ ᠲᠤ ᠨᠡᠭᠦᠨ᠂ ᠵᠠᠰᠠᠭᠲᠤ ᠬᠠᠨ ᠤ ᠬᠠᠷᠢᠶᠠᠲᠤ ᠪᠣᠯᠤᠭᠰᠠᠨ ᠠᠪᠠᠭ᠎ᠠ ᠨᠠᠷ ᠤᠨ ᠦᠯᠡᠳᠡᠴᠡ ᠶᠤᠮ᠃ 1660 ᠣᠨ ᠤ ᠵᠠᠰᠠᠭᠲᠤ ᠬᠠᠨᠢ ᠬᠢᠮᠤᠷᠠᠯ ᠤᠨ ᠦᠶ᠎ᠡ ᠳᠦ ᠠᠪᠠᠭ᠎ᠠ ᠨᠠᠷ ᠬᠠᠭᠤᠴᠢᠨ ᠨᠤᠲᠤᠭ ᠲᠤ ᠨᠤᠲᠤᠭᠰᠢᠨ ᠰᠡᠴᠡᠨ ᠬᠠᠨ ᠳᠤ ᠬᠠᠷᠢᠶᠠᠯᠠᠭᠳᠠᠬᠤ ᠪᠣᠯᠤᠭᠰᠠᠨ ᠠᠵᠢ᠃ ᠬᠠᠯᠬ᠎ᠠ ᠶᠢᠨ ᠬᠠᠩᠭ᠎ᠠ ᠨᠤᠭᠤᠳ ᠤᠨ ᠡᠯᠳᠡᠪ ᠰᠢᠬᠠᠯᠲᠠ ᠠᠴᠠ ᠡᠭᠦᠳᠡᠨ 1665-1666 ᠣᠨ ᠤ ᠦᠶ᠎ᠡ ᠳᠦ ᠰᠡᠷᠡᠨ ᠮᠡᠷᠭᠡᠨ᠂ ᠲᠦᠩ ᠢᠰᠦᠷᠪᠡ ᠨᠠᠷ ᠬᠠᠷᠢᠶᠠᠲᠤ ᠠᠯᠪᠠᠲᠤ ᠪᠠᠨ ᠠᠪᠤᠨ ᠡᠮᠦᠨᠡᠰᠢ ᠨᠡᠭᠦᠳᠡᠯᠯᠡᠭᠰᠡᠨ ᠪᠥᠭᠡᠳ ᠬᠠᠷᠢᠨ ᠬᠠᠯᠬ᠎ᠠ ᠳᠤ ᠦᠯᠡᠳᠡᠭᠰᠡᠨ ᠠᠪᠠᠭ᠎ᠠ ᠨᠢ ᠡᠨᠡ ᠦᠶᠡᠰ ᠣᠪᠤᠭ ᠤᠨ ᠪᠠᠶᠢᠳᠠᠯ ᠲᠠᠢ ᠪᠠᠷ ᠤᠷᠤᠰᠢᠬᠤ ᠪᠣᠯᠵᠠᠢ᠃

ᠡᠮᠦᠨᠡᠰᠢ ᠨᠡᠭᠦᠳᠡᠯᠯᠡᠭᠰᠡᠨ ᠬᠡᠰᠡᠭ ᠦᠨ ᠦᠷ᠎ᠡ ᠤᠳᠤᠮ ᠡᠳᠦᠭᠡ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠰᠢᠯᠢ ᠶᠢᠨ ᠭᠣᠣᠯ ᠠᠶᠢᠮᠠᠭ ᠤᠨ ᠠᠪᠠᠭ᠎ᠠ ᠨᠠᠷ ᠬᠣᠰᠢᠭᠤᠨ ᠳᠤ ᠣᠷᠣᠰᠢᠨ ᠰᠠᠭᠤᠳᠠᠭ᠃ ᠲᠥᠪ ᠨᠢ ᠰᠢᠯᠢ ᠶᠢᠨ ᠬᠣᠲᠠ.

ᠪᠢᠴᠢᠭᠡᠰᠦ