ᠠᠩᠭᠯᠢ ᠶᠢᠨ ᠫᠷᠧᠮᠢᠶᠧᠷ ᠯᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠤᠰ Flag of England.svg ᠠᠩᠭᠯᠢ
ᠬᠣᠯᠪᠣᠭ᠎ᠠ Union Europeennes de Football Associations, ᠧᠦ᠋ᠷᠣᠫᠠ
ᠪᠠᠶᠢᠭᠤᠯᠤᠭᠳᠠᠭᠰᠠᠨ 1992 ᠣᠨ ᠤ 2 ᠰᠠᠷ᠎ᠠ ᠶᠢᠨ 20
ᠪᠠᠭ ᠤᠳ ᠤᠨ ᠲᠣᠭ᠎ᠠ 20
ᠲᠦᠪᠰᠢᠨ 1
ᠳᠣᠣᠷᠠᠳᠤᠬᠢ ᠯᠢᠭ ᠨᠢ ᠬᠥᠯᠪᠥᠮᠪᠥᠭᠡ ᠶᠢᠨ ᠯᠢᠭ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ
ᠳᠣᠲᠣᠭᠠᠳᠤ ᠶᠢᠨ ᠴᠣᠮᠣ(ᠤᠳ) АХХ ᠍ ᠤ ᠴᠣᠮᠣ
ᠯᠢᠭ ᠦᠨ ᠴᠣᠮᠣ
ᠣᠯᠠᠨ ᠤᠯᠤᠰ ᠤᠨ ᠴᠣᠮᠣ(ᠤᠳ) Union Europeennes de Football Associations ᠠᠪᠣᠷᠭᠣᠴᠣᠳ ᠤᠨ ᠯᠢᠭ
Union Europeennes de Football Associations ᠍ ᠦᠨ ᠧᠦ᠋ᠷᠣᠫᠠ ᠶᠢᠨ ᠯᠢᠭ
ᠣᠳᠣ ᠶᠢᠨ ᠠᠪᠣᠷᠭᠣᠴᠣᠳ ᠮᠠᠴᠧᠰᠲ᠋ᠧᠷ ᠶᠤᠨ ᠠᠲ᠋ᠧᠳ
(2010-11)
ᠬᠠᠮᠤᠭ ᠤᠨ ᠣᠯᠠᠨ ᠲᠡᠷᠢᠭᠦᠯᠡᠭᠰᠡᠨ ᠨᠢ ᠮᠠᠴᠧᠰᠲ᠋ᠧᠷ ᠶᠤᠨ ᠠᠲ᠋ᠧᠳ (12)
ТВ ᠍ ᠍ ᠶᠢᠨ ᠬᠠᠮᠲᠤᠷᠠᠭᠴᠢ Sky Sports, ESPN (ᠠᠩᠭᠯᠢ)
ᠸᠪ ᠬᠠᠭᠤᠳᠠᠰᠤ PremierLeague.com
2011-12 ᠣᠨ ᠤ ᠫᠷᠧᠮᠢᠶᠧᠷ ᠯᠢᠭ

ᠠᠩᠭᠯᠢ ᠶᠢᠨ ᠫᠷᠧᠮᠢᠶᠧᠷ ᠯᠢᠭ /ᠴᠢᠨᠠᠭᠰᠢᠳᠠ ᠫᠷᠧᠮᠢᠶᠧᠷ ᠯᠢᠭ ᠭᠡᠬᠦ/ (ᠠᠩᠭᠯᠢ ᠪᠠᠷ Premier league) ᠨᠢ ᠠᠩᠭᠯᠢ ᠤᠯᠤᠰ ᠲᠤ ᠬᠥᠯᠪᠥᠮᠪᠥᠭᠡ ᠶᠢᠨ ᠺᠯᠥ᠋ᠪ ᠦᠳ ᠦᠨ ᠳᠤᠮᠳᠠ ᠵᠣᠬᠢᠶᠠᠨ ᠪᠠᠶᠢᠭᠤᠯᠤᠭᠳᠠᠳᠠᠭ ᠥᠨᠳᠥᠷ ᠵᠡᠷᠭᠡᠯᠡᠯ ᠦᠨ ᠯᠢᠭ ᠦᠨ ᠲᠡᠮᠡᠴᠡᠭᠡᠨ ᠶᠤᠮ᠃ ᠠᠩᠭᠯᠢ ᠶᠢᠨ ᠬᠥᠯᠪᠥᠮᠪᠥᠭᠡ ᠶᠢᠨ ᠺᠯᠥ᠋ᠪ ᠦᠳ ᠯᠢᠭ ᠦᠨ ᠲᠣᠭᠲᠠᠯᠴᠠᠭ᠎ᠠ ᠪᠠᠷ ᠲᠣᠭᠯᠠᠳᠠᠭ ᠪᠥᠭᠡᠳ ᠳᠡᠭᠡᠳᠦ ᠯᠢᠭ ᠨᠢ ᠶᠤᠮ᠃ 20 ᠺᠯᠥ᠋ᠪ ᠠᠮᠵᠢᠯᠲᠠ ᠠᠴᠠ ᠪᠠᠨ ᠰᠢᠯᠲᠠᠭᠠᠯᠠᠨ ᠳᠡᠪᠰᠢᠨ ᠣᠷᠣᠵᠤ ᠢᠷᠡᠬᠦ ᠪᠣᠯᠤᠨ ᠳ᠋ᠣᠣ ᠳᠤ ᠯᠢᠭ ᠷᠦᠦ ᠤᠯᠠᠷᠢᠬᠤ ᠱᠠᠲᠤᠯᠠᠯ ᠢᠶᠠᠷ ᠬᠤᠪᠢᠰᠴᠢ ᠪᠠᠶᠢᠳᠠᠭ᠃ ᠫᠷᠧᠮᠢᠶᠧᠷ ᠯᠢᠭ ᠤᠯᠠᠷᠢᠯ ᠤᠨ ᠨᠠᠢ ᠳᠤᠭᠠᠷ ᠰᠠᠷ᠎ᠠ ᠠᠴᠠ ᠣᠨ ᠳᠠᠮᠨᠠᠨ ᠲᠠᠪᠤᠳᠤᠭᠠᠷ ᠰᠠᠷ᠎ᠠ ᠬᠦᠷᠲᠡᠯ᠎ᠡ ᠦᠷᠭᠦᠯᠵᠢᠯᠡᠬᠦ ᠳᠦ ᠪᠡᠨ ᠪᠠᠭ ᠲᠤᠰ ᠪᠦᠷᠢ 38 ᠲᠣᠭᠯᠠᠯᠲᠠ ᠬᠢᠬᠦ ᠪᠠ ᠨᠡᠶᠢᠲᠡ 380 ᠲᠣᠭᠯᠠᠯᠲᠠ ᠪᠣᠯᠤᠨ᠎ᠠ᠃ ᠶᠡᠬᠡᠩᠬᠢ ᠲᠣᠭᠯᠠᠯᠲᠠ ᠨᠤᠭᠤᠳ ᠪᠢᠮᠪᠠ᠂ ᠨᠢᠮ᠎ᠠ ᠭᠠᠷᠠᠭ ᠤᠳ ᠲᠤ ᠶᠠᠪᠤᠭᠳᠠᠳᠠᠭ᠃ ᠠᠩᠭᠯᠢ ᠶᠢᠨ ᠰᠠᠩᠬᠦᠦ ᠶᠢᠨ ᠵᠠᠬ᠎ᠠ ᠵᠡᠭᠡᠯᠢ ᠶᠢᠨ ᠲᠣᠮᠣᠬᠠᠨ ᠪᠠᠶᠢᠷᠢ ᠰᠠᠭᠤᠷᠢ ᠶᠢ ᠡᠵᠡᠯᠡᠭᠴᠢ Barclays Bank ᠯᠢᠭ ᠢ ᠢᠪᠡᠭᠡᠨ ᠲᠡᠳᠬᠦᠳᠡᠭ ᠪᠥᠭᠡᠳ ᠯᠢᠭ ᠢ Barclays Premier League ᠭᠡᠵᠦ ᠲᠠᠭᠤᠳᠠᠬᠤ ᠨᠢ ᠴᠤ ᠪᠤᠢ᠃

1888 ᠣᠨ ᠳᠤ ᠡᠭᠦᠰᠬᠡᠨ ᠪᠠᠶᠢᠭᠤᠯᠤᠭᠳᠠᠭᠰᠠᠨ ᠠᠩᠭᠯᠢ ᠶᠢᠨ ᠬᠥᠯᠪᠡᠮᠡᠭᠡᠢ ᠶᠢᠨ ᠯᠢᠭ ᠦᠨ ᠨᠢᠭᠡ ᠬᠡᠭᠡᠭ ᠬᠥᠯᠪᠥᠮᠪᠥᠭᠡ ᠶᠢᠨ ᠯᠢᠭ ᠦᠨ ᠨᠢᠭᠡᠳᠦᠭᠡᠷ ᠳ᠋ᠢᠸᠢᠽᠢ ᠶᠢ 1992 ᠣᠨ ᠤ ᠬᠣᠶᠠᠳᠤᠭᠠᠷ ᠰᠠᠷ᠎ᠠ ᠶᠢᠨ 20 ᠍ ᠳᠦ ᠫᠷᠧᠮᠢᠶᠧᠷ ᠯᠢᠭ ᠨᠡᠷᠡᠰᠢᠯ ᠲᠡᠢ ᠪᠣᠯᠭᠠᠨ ᠲᠣᠭᠯᠠᠯᠲᠠ ᠶᠢᠨ ᠳᠦᠷᠢᠮ ᠳᠦ ᠴᠤ ᠥᠭᠡᠷᠡᠴᠢᠯᠡᠯᠲᠡ ᠣᠷᠣᠭᠤᠯᠤᠭᠰᠠᠨ ᠠᠯᠪᠠᠨ ᠶᠣᠰᠣᠨ ᠤ ᠪᠠᠶᠢᠭᠤᠯᠤᠭᠳᠠᠭᠰᠠᠨ ᠡᠳᠦᠷ ᠢ ᠳᠡᠭᠡᠷᠡᠬᠢ ᠬᠤᠭᠤᠴᠠᠭ᠎ᠠ ᠪᠠᠷ ᠲᠣᠭᠠᠴᠠᠳᠠᠭ᠃ ᠳᠡᠯᠡᠬᠡᠢ ᠶᠢᠨ ᠬᠠᠮᠤᠭ ᠤᠨ ᠶᠡᠬᠡ ᠮᠥᠩᠭᠥᠨ ᠦ ᠡᠷᠭᠢᠯᠲᠡ ᠶᠠᠪᠤᠭᠳᠠᠵᠤ ᠪᠠᠶᠢᠳᠠᠭ ᠡᠨᠡ ᠯᠢᠭᠢ ᠨᠢ 2007-08 ᠣᠨ ᠤ ᠤᠯᠠᠷᠢᠯ ᠳᠤ ᠯᠠ ᠭᠡᠬᠦ ᠳᠦ 1.93 ᠲᠡᠷᠪᠤᠮ ᠹᠦᠨᠲ ᠤᠨ (3.15 ᠲᠡᠷᠪᠤᠮ ᠳ᠋ᠣᠯᠯᠠᠷ ᠤᠨ) ᠣᠷᠣᠯᠭ᠎ᠠ ᠣᠷᠣᠭᠰᠠᠨ ᠪᠠᠷᠢᠮᠲᠠ ᠪᠠᠶᠢᠳᠠᠭ ᠠᠵᠡᠢ᠃ ᠧᠦ᠋ᠷᠣᠫᠠ ᠶᠢᠨ ᠯᠢᠭᠢ ᠨᠦᠭᠦᠳ ᠦᠨ ᠡᠬᠢᠨ ᠳᠦ ᠪᠦᠬᠦᠢ ᠯᠠ ᠦᠵᠡᠭᠦᠯᠦᠯᠲᠡ ᠪᠡᠷ ᠢᠶᠡᠨ ᠰᠡᠭᠦᠯ ᠦᠨ ᠲᠠᠪᠤᠨ ᠵᠢᠯ ᠶᠠᠪᠤᠵᠤ ᠪᠠᠶᠢᠭ᠎ᠠ ᠪᠥᠭᠡᠳ ᠢᠰᠫᠠᠨᠢᠢ ᠯᠠ ᠯᠢᠭ ᠪᠣᠯᠤᠨ ᠢᠲ᠋ᠠᠯᠢ ᠶᠢᠨ ᠰᠧᠷᠢ ᠪᠠᠨ᠎ᠠ ᠯᠢᠭ ᠳᠠᠷᠠᠭ᠎ᠠ ᠨᠢ ᠵᠢᠭ᠌ᠰᠠᠳᠠᠭ ᠪᠢᠯᠡ᠃

ᠨᠡᠶᠢᠲᠡ ᠳᠦ ᠪᠡᠨ 44 ᠺᠯᠥ᠋ᠪ ᠫᠷᠧᠮᠢᠶᠧᠷ ᠯᠢᠭ ᠲᠦ ᠥᠷᠢᠰᠦᠯᠳᠦᠵᠦ ᠪᠠᠶᠢᠭᠰᠠᠨ ᠴᠤ ᠡᠳᠦᠭᠡ ᠶᠢ ᠬᠦᠷᠲᠡᠯ᠎ᠡ ᠠᠷᠰᠧᠨᠠᠯ (3 ), ᠪᠯᠺᠪᠧᠷᠨ ᠷᠣᠤᠧᠷᠰ (1), ᠴᠧᠯᠰᠢ (3), ᠮᠠᠴᠧᠰᠲ᠋ᠧᠷ ᠶᠤᠨ ᠠᠲ᠋ᠧᠳ (12)ᠮᠠᠴᠧᠰᠲ᠋ᠧᠷ ᠰᠢᠲ᠋ᠢ(2) ᠭᠡᠰᠡᠨ ᠳᠥᠷᠪᠡᠨ ᠺᠯᠥ᠋ᠪ ᠯᠠ ᠲᠡᠷᠢᠭᠦᠯᠡᠭᠰᠡᠨ ᠲᠡᠦᠬᠡ ᠲᠡᠢ᠃ ᠰᠡᠭᠦᠯ ᠳᠦ 2013-2014 ᠤᠯᠠᠷᠢᠯ ᠳᠤ ᠮᠠᠴᠧᠰᠲ᠋ᠧᠷ ᠰᠢᠲ᠋ᠢ ᠪᠠᠭ ᠲᠦᠷᠦᠭᠦᠯᠡᠭᠰᠡᠨ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:English-fa-premier-league.png
ᠫᠷᠧᠮᠢᠶᠧᠷ ᠯᠢᠭ ᠦᠨ (1992–2007) ᠯᠣᠭᠣ

1980 ᠣᠨ ᠤ ᠰᠡᠭᠦᠯᠡᠷ ᠠᠩᠭᠯᠢ ᠳᠤ ᠬᠥᠯ ᠪᠥᠮᠪᠥᠭᠡ ᠤᠨᠠᠯᠲᠠ ᠶᠢᠨ ᠪᠠᠶᠢᠳᠠᠯ ᠲᠠᠢ ᠪᠠᠶᠢᠪᠠ᠃ ᠠᠩᠭᠯᠢ ᠶᠢᠨ ᠺᠯᠥ᠋ᠪ ᠲᠡᠢ ᠬᠣᠯᠪᠣᠭᠳᠠᠯ ᠲᠠᠢ ᠪᠣᠯᠵᠤ ᠪᠥᠲᠥᠬᠦ ᠦᠭᠡᠢ ᠠᠰᠠᠭᠤᠳᠠᠯ ᠤᠳ ᠡᠭᠦᠰᠬᠦ ᠪᠣᠯᠪᠠ᠃ ᠴᠡᠩᠭᠡᠯ ᠳᠦ ᠬᠢ ᠬᠦᠷᠢᠶᠡᠯᠡᠩ ᠦᠨ ᠲᠣᠨᠣᠭ ᠲᠥᠬᠥᠭᠡᠷᠦᠮᠵᠢ ᠶᠢ ᠡᠪᠳᠡᠯᠡᠨ ᠰᠦᠢᠳᠯᠡᠵᠦ᠂ ᠲᠠᠩᠬᠠᠶᠢᠷᠠᠬᠤ ᠪᠠᠯᠠᠮᠠᠳ ᠦᠢᠯᠡᠳᠦᠯ ᠦᠳ ᠭᠠᠵᠠᠷ ᠠᠪᠴᠤ ᠳᠠᠭᠠᠭᠠᠮᠵᠢᠷᠠᠨ 1985 ᠣᠨ ᠤ ᠪᠧᠯ ᠶᠢᠨ ᠨᠡᠶᠢᠰᠯᠡᠯ ᠪᠷᠣᠰᠸᠸᠯ ᠬᠣᠲᠠ ᠶᠢᠨ ᠡᠢᠽᠧᠯ ᠦᠨ ᠴᠡᠩᠭᠡᠯᠳᠦᠬᠦ ᠬᠦᠷᠢᠶᠡᠯᠡᠩ ᠳᠦ ᠬᠢ ᠲᠣᠭᠯᠠᠯᠲᠠ ᠶᠢᠨ ᠦᠶ᠎ᠡ ᠪᠡᠷ ᠠᠩᠭᠯᠢ ᠶᠢᠨ ᠬᠥᠭᠵᠢᠶᠡᠨ ᠳᠡᠮᠵᠢᠭᠴᠢᠳ ᠦᠨ ᠡᠳᠦᠭᠦᠯᠦᠭᠰᠡᠨ ᠣᠯᠠᠨ ᠢ ᠴᠣᠴᠢᠷᠠᠭᠠᠭᠰᠠᠨ ᠡᠮᠭᠡᠨᠢᠯ ᠳᠦ ᠪᠠᠶᠢᠳᠠᠯ ᠠᠴᠠ ᠪᠣᠯᠵᠤ ᠠᠩᠭᠯᠢ ᠶᠢᠨ ᠺᠯᠥ᠋ᠪ ᠦᠳ ᠢ ᠧᠦ᠋ᠷᠣᠫᠠ ᠶᠢᠨ ᠪᠦᠬᠦᠢ ᠯᠠ ᠲᠡᠮᠡᠴᠡᠭᠡᠨ ᠨᠦᠭᠦᠳ ᠢ ᠣᠷᠣᠯᠴᠠᠬᠤ ᠶᠢ ᠲᠠᠪᠤᠨ ᠵᠢᠯ ᠦᠨ ᠲᠤᠷᠰᠢ ᠳᠤ ᠬᠣᠷᠢᠭᠰᠠᠨ ᠶᠠᠪᠤᠳᠠᠯ ᠲᠠᠢ ᠬᠣᠯᠪᠣᠭᠠᠲᠠᠢ ᠪᠢᠯᠡ[1]᠃ ᠳᠡᠭᠡᠷᠡᠬᠢ ᠤᠨᠠᠯᠲᠠ ᠶᠢᠨ ᠦᠶ᠎ᠡ ᠨᠦᠭᠦᠳ ᠲᠦ 1888 ᠣᠨ ᠠᠴᠠ ᠲᠡᠦᠬᠡ ᠲᠡᠢ ᠬᠥᠯᠪᠥᠮᠪᠥᠭᠡ ᠶᠢᠨ ᠯᠢᠭ ᠦᠨ ᠨᠢᠭᠡᠳᠦᠭᠡᠷ ᠳ᠋ᠢᠸᠢᠽ ᠨᠢ ᠠᠩᠭᠯᠢ ᠶᠢᠨ ᠢᠶᠠᠨ ᠬᠥᠯᠪᠥᠮᠪᠥᠭᠡ ᠶᠢᠨ ᠲᠡᠷᠢᠭᠦᠨ ᠯᠢᠭ ᠪᠠᠶᠢᠭᠰᠠᠭᠠᠷ ᠪᠠᠶᠢᠭᠰᠠᠨ ᠴᠤ ᠢᠲ᠋ᠠᠯᠢ ᠶᠢᠨ ᠰᠧᠷᠢ ᠪᠠᠨ᠎ᠠᠢᠰᠫᠠᠨᠢᠢ ᠯᠠ ᠯᠢᠭ ᠦᠨ ᠦᠵᠡᠭᠴᠢᠳ ᠦᠨ ᠲᠣᠭ᠎ᠠ ᠪᠣᠯᠤᠨ ᠣᠷᠣᠯᠭ᠎ᠠ ᠠᠰᠢᠭ ᠠᠴᠠ ᠳᠠᠪᠠᠳᠠᠭ ᠦᠭᠡᠢ ᠪᠠᠶᠢᠯ᠎ᠠ᠃ ᠠᠩᠭᠯᠢ ᠶᠢᠨ ᠲᠣᠭᠯᠠᠭᠴᠢᠳ ᠨᠢ ᠴᠤ ᠭᠠᠳᠠᠭᠰᠢ ᠪᠠᠨ ᠭᠠᠷᠴᠤ ᠲᠣᠭᠯᠠᠬᠤ ᠨᠢ ᠣᠯᠠᠰᠢᠷᠠᠬᠤ ᠪᠣᠯᠵᠠᠢ᠃ 1990 ᠣᠨ ᠳᠤ ᠳᠡᠭᠡᠷᠡᠬᠢ ᠡᠰᠡᠷᠬᠦ ᠴᠢᠭ ᠬᠠᠨᠳᠤᠯᠭ᠎ᠠ ᠠᠩᠭᠯᠢᠴᠢ ᠨᠤᠭᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠠᠭᠠᠰ ᠰᠢᠭᠰᠢᠭᠡ ᠬᠦᠷᠲᠡᠯ᠎ᠡ ᠶᠠᠪᠤᠭᠰᠠᠨ᠂ ᠠᠩᠭᠯᠢ ᠶᠢᠨ ᠺᠯᠥ᠋ᠪ ᠦᠳ ᠦᠨ ᠲᠡᠮᠡᠴᠡᠭᠡᠨ ᠨᠦᠭᠦᠳ ᠲᠦ ᠤᠷᠤᠯᠴᠠᠬᠤ ᠡᠷᠬᠡ ᠰᠡᠷᠭᠦᠭᠰᠡᠨ ᠪᠣᠯᠤᠨ 1989 ᠣᠨ ᠤ ᠬᠢᠯᠢᠯᠰᠠᠪᠤᠷᠢ ᠶᠢᠨ ᠴᠡᠩᠭᠡᠯᠳᠦᠬᠦ ᠶᠢᠨ ᠬᠡᠷᠡᠭ ᠳᠡᠭᠡᠷ᠎ᠡ ᠠᠵᠢᠯᠯᠠᠭᠰᠠᠨ ᠰᠢᠭᠦᠭᠴᠢ ᠲᠢᠯᠣᠷ ᠤᠨ ᠮᠡᠳᠡᠭᠳᠡᠯ ᠵᠡᠷᠭᠡ ᠡᠴᠡ ᠰᠢᠯᠲᠠᠭᠠᠯᠠᠨ ᠪᠠᠭᠤᠷᠠᠬᠤ ᠪᠣᠯᠵᠠᠢ[2]᠃ ᠡᠨᠡ ᠦᠶᠡᠰ ᠠᠩᠭᠯᠢ ᠶᠢᠨ ᠬᠥᠯ ᠪᠥᠮᠪᠥᠭᠡ ᠰᠡᠷᠭᠦᠵᠦ ᠡᠬᠢᠯᠡᠭᠰᠡᠨ ᠭᠡᠳᠡᠭ᠃

ᠫᠷᠧᠮᠢᠶᠧᠷ ᠯᠢᠭ ᠦᠨ ᠠᠪᠤᠷᠭᠤ ᠪᠠᠭ ᠤᠳ
ᠤᠯᠠᠷᠢᠯ ᠠᠪᠤᠷᠭᠤ
1992–93 ᠮᠠᠴᠧᠰᠲ᠋ᠧᠷ ᠶᠤᠨ ᠠᠲ᠋ᠧᠳ
1993–94 ᠮᠠᠴᠧᠰᠲ᠋ᠧᠷ ᠶᠤᠨ ᠠᠲ᠋ᠧᠳ
1994–95 ᠪᠯᠺᠪᠧᠷᠨ ᠷᠣᠤᠧᠷᠰ
1995–96 ᠮᠠᠴᠧᠰᠲ᠋ᠧᠷ ᠶᠤᠨ ᠠᠲ᠋ᠧᠳ
1996–97 ᠮᠠᠴᠧᠰᠲ᠋ᠧᠷ ᠶᠤᠨ ᠠᠲ᠋ᠧᠳ
1997–98 ᠠᠷᠰᠧᠨᠠᠯ
1998–99 ᠮᠠᠴᠧᠰᠲ᠋ᠧᠷ ᠶᠤᠨ ᠠᠲ᠋ᠧᠳ
1999–2000 ᠮᠠᠴᠧᠰᠲ᠋ᠧᠷ ᠶᠤᠨ ᠠᠲ᠋ᠧᠳ
2000–01 ᠮᠠᠴᠧᠰᠲ᠋ᠧᠷ ᠶᠤᠨ ᠠᠲ᠋ᠧᠳ
2001–02 ᠠᠷᠰᠧᠨᠠᠯ
2002–03 ᠮᠠᠴᠧᠰᠲ᠋ᠧᠷ ᠶᠤᠨ ᠠᠲ᠋ᠧᠳ
2003–04 ᠠᠷᠰᠧᠨᠠᠯ
2004–05 ᠴᠧᠯᠰᠢ
2005–06 ᠴᠧᠯᠰᠢ
2006–07 ᠮᠠᠴᠧᠰᠲ᠋ᠧᠷ ᠶᠤᠨ ᠠᠲ᠋ᠧᠳ
2007–08 ᠮᠠᠴᠧᠰᠲ᠋ᠧᠷ ᠶᠤᠨ ᠠᠲ᠋ᠧᠳ
2008–09 ᠮᠠᠴᠧᠰᠲ᠋ᠧᠷ ᠶᠤᠨ ᠠᠲ᠋ᠧᠳ
2009–10 ᠴᠧᠯᠰᠢ
2010–11 ᠮᠠᠴᠧᠰᠲ᠋ᠧᠷ ᠶᠤᠨ ᠠᠲ᠋ᠧᠳ

ᠢᠪᠡᠭᠡᠨ ᠲᠡᠳᠬᠦᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1993 ᠣᠨ ᠠᠴᠠ ᠫᠷᠧᠮᠢᠶᠧᠷ ᠯᠢᠭ ᠢᠪᠡᠭᠡᠨ ᠲᠡᠳᠬᠦᠭᠴᠢ ᠨᠠᠷᠠᠲᠠᠢ ᠪᠣᠯᠵᠤ ᠡᠬᠢᠯᠡᠭᠰᠡᠨ ᠪᠠᠶᠢᠨ᠎ᠠ᠃ ᠯᠢᠭ ᠢ ᠢᠪᠡᠭᠡᠨ ᠲᠡᠳᠬᠦᠭᠴᠢ ᠶᠢᠨ ᠨᠡᠷ᠎ᠡ ᠲᠡᠢ ᠬᠣᠯᠪᠣᠨ ᠨᠡᠷᠡᠯᠡᠳᠡᠭ ᠵᠠᠩᠰᠢᠯ ᠲᠠᠢ ᠪᠣᠯᠵᠠᠢ᠃ ᠳᠣᠣᠷ᠎ᠠ ᠢᠪᠡᠭᠡᠨ ᠲᠡᠳᠬᠦᠭᠳᠡᠢ ᠶᠢᠨ ᠨᠡᠷᠡᠰ ᠢ ᠦᠵᠡᠭᠦᠯᠪᠡ:

  • 1993–2001: ᠰᠢᠷ᠎ᠠ ᠠᠶᠢᠷᠠᠭᠠᠨ ᠤ Carling ᠪᠦᠷᠦᠨ ᠳᠦ (FA Carling Premiership)
  • 2001–2004: Barclaycard ᠺᠷᠧᠳᠢᠲ ᠺᠠᠷᠲ (Barclaycard Premiership)
  • 2004–2007: Barclay ᠰᠠᠩᠬᠦᠦ ᠶᠢᠨ ᠦᠢᠯᠡᠴᠢᠯᠡᠭᠡᠨ ᠦ ᠺᠣᠮᠫᠠᠨᠢ (Barclays Premiership)
  • 2007–present: Barclay (Barclays Premier League) [3]

ᠰᠠᠩᠬᠦᠦ[ᠵᠠᠰᠠᠪᠤᠷᠢᠯᠠᠬᠤ | ᠺᠣᠳ᠋ ᠢᠶᠠᠷ ᠵᠠᠰᠠᠬᠣ]

2010 ᠣᠨ ᠤ ᠳᠥᠷᠪᠡᠳᠦᠭᠡᠷ ᠰᠠᠷ᠎ᠠ ᠶᠢᠨ 21 ᠍ ᠳᠦ ᠬᠠᠲᠤᠨ ᠬᠠᠭᠠᠨ II ᠢᠯᠢᠽᠡᠪᠡᠢᠰ ᠨᠡᠷᠡᠮᠵᠢᠲᠦ ᠱᠠᠩᠨᠠᠯ ᠢᠶᠠᠨ ᠫᠷᠧᠮᠢᠶᠧᠷ ᠯᠢᠭ ᠲᠦ ᠬᠦᠷᠲᠡᠭᠡᠵᠢ ᠪᠡᠨ᠃ ᠬᠠᠲᠤᠨ ᠬᠠᠭᠠᠨ ᠤᠭ ᠱᠠᠩᠨᠠᠯ ᠢᠶᠠᠨ ᠠᠩᠭᠯᠢ ᠶᠢᠨ ᠬᠥᠯ ᠪᠥᠮᠪᠥᠭᠡ ᠪᠣᠯᠤᠨ ᠨᠢᠭᠡᠳᠦᠭᠰᠡᠨ ᠸᠠᠩᠲᠤ ᠤᠯᠤᠰ ᠤᠨ ᠲᠧᠯᠧᠸᠢᠰ ᠦᠨ ᠪᠠᠶᠢᠭᠤᠯᠤᠯᠭ᠎ᠠ ᠨᠤᠭᠤᠳ ᠲᠤ ᠣᠷᠣᠭᠤᠯᠵᠤ ᠪᠤᠢ ᠣᠨᠴᠠᠯᠠᠬᠤ ᠬᠤᠪᠢ ᠨᠡᠮᠡᠷᠢ ᠶᠢ ᠬᠠᠷᠠᠭᠠᠯᠵᠠᠨ ᠬᠦᠷᠲᠡᠭᠡᠵᠢ ᠪᠡᠨ᠃

2007-08 ᠣᠨ ᠳᠤ ᠫᠷᠧᠮᠢᠶᠧᠷ ᠯᠢᠭ ᠦᠨ ᠺᠯᠥ᠋ᠪ ᠦᠳ ᠦᠨ ᠨᠡᠶᠢᠲᠡ ᠣᠷᠣᠯᠭ᠎ᠠ 1.93 ᠲᠡᠷᠪᠤᠮ ᠹᠦᠨᠲ ᠰᠲ᠋ᠧᠷᠯᠢᠩ ᠦᠨ ᠣᠷᠣᠯᠭ᠎ᠠ ᠣᠯᠤᠭᠰᠠᠨ ᠢᠶᠠᠷ ᠳᠡᠯᠡᠬᠡᠢ ᠶᠢᠨ ᠬᠥᠯᠪᠥᠮᠪᠥᠭᠡ ᠶᠢᠨ ᠯᠢᠭᠢ ᠨᠦᠭᠦᠳ ᠦᠨ ᠬᠠᠮᠤᠭ ᠤᠨ ᠶᠡᠬᠡ ᠣᠷᠣᠯᠭᠠᠲᠠᠨ ᠨᠤᠭᠤᠳ ᠤᠨ ᠵᠢᠭ᠌ᠰᠠᠭᠠᠯᠳᠠ ᠶᠢ ᠲᠡᠷᠢᠭᠦᠯᠡᠭᠦᠯᠦᠭᠰᠡᠨ ᠶᠤᠮ᠃

ᠴᠢᠨᠠᠭᠰᠢᠯᠠᠭᠠᠳ ᠫᠷᠧᠮᠢᠶᠧᠷ ᠯᠢᠭ ᠳᠡᠯᠡᠬᠡᠢ ᠶᠢᠨ ᠥᠨᠳᠥᠷ ᠣᠷᠣᠯᠭ᠎ᠠ ᠲᠠᠢ ᠰᠫᠣᠷᠲ ᠤᠨ ᠯᠢᠭᠢ ᠨᠦᠭᠦᠳ ᠦᠨ ᠳᠥᠷᠪᠡᠳᠦᠭᠡᠷ ᠲᠦ ᠪᠤᠶᠤ ᠬᠣᠶᠢᠳᠤ ᠠᠮᠧᠷᠢᠺᠠ ᠶᠢᠨ ᠲᠡᠷᠢᠭᠦᠯᠡᠬᠦ ᠭᠤᠷᠪᠠᠨ ᠯᠢᠭ ᠦᠨ (ᠬᠥᠯᠪᠡᠮᠡᠭᠡᠢ ᠶᠢᠨ ᠦᠨᠳᠦᠰᠦᠨ ᠦ ᠯᠢᠭ - NFL, ᠮᠡᠷᠭᠡᠵᠢᠯ ᠦᠨ ᠪᠧᠢᠰᠪᠣᠯ ᠤᠨ ᠯᠢᠭ - MLB, ᠠᠮᠧᠷᠢᠺᠠ ᠶᠢᠨ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭᠠᠨ ᠤ ᠯᠢᠭ - NBA) ᠠᠷᠠᠳ ᠪᠢᠴᠢᠭᠳᠡᠳᠡᠭ ᠪᠥᠭᠡᠳ ᠲᠠᠪᠤᠳᠤᠭᠠᠷ ᠲᠤ ᠠᠮᠧᠷᠢᠺᠠ ᠶᠢᠨ ᠦᠨᠳᠦᠰᠦᠨ ᠦ ᠬᠣᠺᠺᠧᠢ ᠶᠢᠨ ᠯᠢᠭ ᠦᠨ (NHL) ᠪᠢᠴᠢᠭᠳᠡᠳᠡᠭ ᠠᠵᠡᠢ᠃

ᠫᠷᠧᠮᠢᠶᠧᠷ ᠯᠢᠭ ᠦᠨ ᠣᠷᠣᠯᠭ᠎ᠠ ᠦᠨᠳᠦᠰᠦᠨ ᠡᠬᠢ ᠡᠭᠦᠰᠪᠦᠷᠢ ᠨᠢ ᠮᠡᠳᠡᠭᠡᠵᠢ ᠴᠡᠩᠭᠡᠯ ᠳᠦ ᠬᠢ ᠬᠦᠷᠢᠶᠡᠯᠡᠩ ᠳᠦ ᠲᠣᠭᠯᠠᠯᠲᠠ ᠦᠵᠡᠬᠦ ᠪᠡᠷ ᠢᠷᠡᠭᠴᠢᠳ ᠪᠢᠯᠡ᠃ 2008-09 ᠣᠨ ᠤ ᠤᠯᠠᠷᠢᠯ ᠳᠤ ᠲᠣᠭᠯᠠᠯᠲᠠ ᠪᠦᠷᠢ ᠶᠢ ᠳᠤᠮᠳᠠᠴᠢ ᠪᠠᠷ 35,632 ᠦᠵᠡᠭᠴᠢ ᠦᠵᠡᠭᠰᠡᠨ ᠭᠡᠬᠦ ᠰᠤᠳᠤᠯᠭ᠎ᠠ ᠪᠠᠷ ᠮᠡᠷᠭᠡᠵᠢᠯ ᠦᠨ ᠰᠫᠣᠷᠲ ᠤᠨ ᠬᠠᠮᠤᠭ ᠤᠨ ᠶᠡᠬᠡ ᠦᠵᠡᠭᠴᠢᠳ ᠲᠡᠢ ᠯᠢᠭᠢ ᠨᠦᠭᠦᠳ ᠦᠨ ᠲᠠᠪᠤᠳᠤᠭᠠᠷ ᠦᠵᠡᠭᠦᠯᠦᠯᠲᠡ ᠪᠣᠯᠤᠭᠰᠠᠨ ᠶᠤᠮ᠃ ᠵᠢᠭ᠌ᠰᠠᠭᠠᠯᠳᠠ ᠳᠤ ᠰᠧᠷᠢ ᠪᠠᠨ᠎ᠠ ᠪᠣᠯᠤᠨ ᠯᠠ ᠯᠢᠭ ᠢ ᠠᠷᠤ ᠳᠠᠭᠠᠨ ᠣᠷᠬᠢᠭᠰᠠᠨ ᠴᠤ ᠭᠧᠷᠮᠠᠨ ᠤ ᠪᠤᠨᠳᠧᠰᠯᠢᠭ ᠤᠨ ᠡᠮᠦᠨ᠎ᠡ ᠭᠠᠷᠴᠤ ᠴᠢᠳᠠᠭ᠎ᠠ ᠦᠭᠡᠢ ᠶᠤᠮ᠃

ᠮᠡᠳᠡᠭᠡᠯᠡᠯ ᠦᠨ ᠬᠡᠷᠡᠭᠰᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠭᠯᠢ ᠪᠣᠯᠤᠨ ᠢᠷᠯᠠᠨᠳ᠋ ᠍ ᠲᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠴᠧᠰᠲ᠋ᠧᠷ ᠶᠤᠨ ᠠᠲ᠋ᠧᠳ ᠪᠣᠯᠤᠨ ᠲᠣᠳᠲ᠋ᠧᠨᠭᠡᠮ ᠬᠣᠲᠠᠰᠫᠦ᠋ᠷ ᠺᠯᠥ᠋ᠪ ᠦᠳ ᠦᠨ ᠲᠣᠭᠯᠠᠯᠲᠠ᠂ 2004 ᠣᠨ

ᠠᠩᠭᠯᠢ ᠶᠢᠨ BSkyB ᠲᠧᠯᠧᠸᠢᠰ 1992 ᠣᠨ ᠠᠴᠠ ᠫᠷᠧᠮᠢᠶᠧᠷ ᠯᠢᠭ ᠦᠨ ᠲᠣᠭᠯᠠᠯᠲᠠ ᠶᠢᠨ ᠭᠣᠣᠯ ᠬᠡᠷᠡᠭᠰᠡᠯ ᠪᠣᠯᠵᠤ ᠪᠠᠶᠢᠪᠠ᠃ ᠲᠤᠰ ᠲᠧᠯᠧᠸᠢᠽ ᠲᠠᠪᠤᠨ ᠤᠯᠠᠷᠢᠯ ᠤᠨ ᠲᠤᠷᠰᠢᠳᠠ 304 ᠰᠠᠶ᠋ᠢ ᠫᠠᠦᠨᠳ᠋ ᠍ ᠤᠨ ᠲᠥᠯᠥᠪᠦᠷᠢ ᠶᠢ ᠯᠢᠭ ᠲᠦ ᠲᠥᠯᠥᠨ ᠦᠵᠡᠭᠦᠯᠵᠦ ᠪᠠᠶᠢᠭᠰᠠᠨ ᠪᠣᠯ᠂ 1997-98 ᠣᠨ ᠤ ᠤᠯᠠᠷᠢᠯ ᠠᠴᠠ ᠡᠬᠢᠯᠡᠨ 670 ᠰᠠᠶ᠎ᠠ ᠹᠦᠨᠲ ᠢᠶᠡᠷ ᠳᠥᠷᠪᠡᠨ ᠵᠢᠯ ᠦᠨ ᠲᠤᠷᠰᠢ ᠳᠤ ᠳᠠᠮᠵᠢᠭᠤᠯᠵᠤ ᠪᠠᠶᠢᠪᠠ᠃ ᠯᠢᠭ ᠲᠡᠢ ᠦᠵᠦᠭᠯᠡᠭᠰᠡᠨ ᠭᠤᠷᠪᠠ ᠳᠠᠬᠢ ᠭᠡᠷ᠎ᠡ 1.024 ᠲᠡᠷᠪᠤᠮ ᠹᠦᠨᠲ ᠢᠶᠡᠷ ᠬᠦᠴᠦᠨᠲᠡᠢ ᠪᠣᠯᠵᠤ 2001-02 ᠪᠣᠯᠤᠨ 2003-04 ᠣᠨ ᠤ ᠤᠯᠠᠷᠢᠯ ᠬᠦᠷᠲᠡᠯ᠎ᠡ ᠦᠢᠯᠡᠴᠢᠯᠡᠵᠡᠢ᠃ 2004-05 ᠪᠣᠯᠤᠨ 2006-07 ᠣᠨ ᠤ ᠤᠯᠠᠷᠢᠯ ᠬᠦᠷᠲᠡᠯᠡᠬᠢ ᠬᠤᠭᠤᠴᠠᠭᠠᠨ ᠳᠤ ᠳᠠᠮᠵᠢᠭᠤᠯᠬᠤ ᠳᠤ ᠭᠤᠷᠪᠠ ᠳᠠᠬᠢ ᠭᠡᠷ᠎ᠡ ᠶᠢᠨ ᠬᠥᠯᠥᠰᠥ 320 ᠰᠠᠶ᠋ᠢ ᠹᠦᠨᠲ ᠢᠶᠡᠷ ᠬᠢᠮᠳᠠᠷᠠᠭᠰᠠᠨ ᠪᠣᠯ 2006 ᠣᠨ ᠤ ᠨᠠᠶᠢᠮᠠᠳᠤᠭᠠᠷ ᠰᠠᠷ᠎ᠠ ᠳᠤ ᠯᠢᠭ ᠦᠨ ᠬᠤᠪᠢ ᠳᠤ ᠮᠣᠨᠣᠫᠣᠯ ᠪᠣᠯᠤᠭᠰᠠᠨ ᠲᠡᠦᠬᠡ ᠲᠡᠢ᠃ BBC ᠲᠧᠯᠧᠸᠢᠽ ᠯᠢᠭ ᠦᠨ ᠲᠣᠭᠯᠠᠯᠲᠠ ᠨᠤᠭᠤᠳ ᠤᠨ ᠣᠨᠴᠠᠯᠠᠬᠤ ᠮᠡᠳᠡᠭᠡᠯᠡᠯ ᠦᠳ ᠢ ᠪᠡᠯᠡᠳᠬᠡᠬᠦ ᠶᠢᠨ ᠲᠤᠯᠠᠳᠠ 171.6 ᠰᠠᠶ᠎ᠠ ᠹᠦᠨᠲ ᠲᠥᠯᠦᠵᠦ ᠭᠤᠷᠪᠠᠨ ᠵᠢᠯ ᠳᠠᠮᠵᠢᠭᠤᠯᠵᠤ ᠪᠠᠶᠢᠭᠠᠳ ᠣᠳᠣ 105 ᠰᠠᠶ᠎ᠠ ᠹᠦᠨᠲ ᠲᠥᠯᠦᠳᠡᠭ ᠠᠵᠢ᠃ ᠰᠡᠭᠦᠯ ᠳᠦ ESPN ᠲᠧᠯᠧᠸᠢᠰ ᠫᠷᠧᠮᠢᠶᠧᠷ ᠯᠢᠭ ᠲᠡᠢ ᠭᠡᠷ᠎ᠡ ᠪᠠᠶᠢᠭᠤᠯᠤᠨ ᠬᠠᠮᠲᠤᠷᠠᠨ ᠠᠵᠢᠯᠯᠠᠬᠤ ᠪᠣᠯᠤᠭᠰᠠᠨ᠃

ᠳᠡᠯᠡᠬᠡᠢ ᠳᠠᠶᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠧᠮᠢᠶᠧᠷ ᠯᠢᠭ ᠢ SkySport ᠲᠧᠯᠧᠸᠢᠰ ᠦᠨ ᠳᠣᠯᠭᠢᠶᠠᠨ ᠢ ᠠᠰᠢᠭᠯᠠᠬᠤ ᠠᠯᠪᠠᠨ ᠶᠣᠰᠣᠨ ᠤ ᠡᠷᠬᠡ ᠪᠦᠬᠦᠢ 94 ᠣᠷᠣᠨ ᠤ 130 ᠣᠷᠴᠢᠮ ᠲᠧᠯᠧᠸᠢᠽ ᠪᠠᠶᠢᠳᠠᠭ᠃ ᠫᠷᠧᠮᠢᠶᠧᠷ ᠯᠢᠭ ᠦᠨ ᠰᠢᠭᠤᠳ ᠲᠣᠭᠯᠠᠯᠲᠠ ᠶᠢ 202 ᠣᠷᠣᠨ ᠤ ᠬᠠᠭᠠᠰ ᠲᠡᠷᠪᠤᠮ ᠭᠠᠷᠤᠢ ᠦᠵᠡᠭᠴᠢ ᠦᠵᠡᠳᠡᠭ ᠭᠡᠰᠡᠨ ᠰᠤᠳᠤᠯᠭ᠎ᠠ ᠪᠤᠢ᠃

ᠢᠨᠲ᠋ᠧᠷᠨᠡᠲ ᠦᠨ ᠬᠠᠭᠤᠳᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

2002 ᠣᠨ ᠤ ᠳᠥᠷᠪᠡᠳᠦᠭᠡᠷ ᠰᠠᠷ᠎ᠠ ᠳᠤ ᠫᠷᠧᠮᠢᠶᠧᠷ ᠯᠢᠭ ᠠᠯᠪᠠᠨ ᠶᠣᠰᠣᠨ ᠤ www.premierleague.com ᠢᠨᠲ᠋ᠧᠷᠨᠡᠲ ᠬᠠᠭᠤᠳᠠᠰᠤ ᠲᠠᠢ ᠪᠣᠯᠵᠠᠢ᠃

ᠶᠡᠬᠡ ᠳᠥᠷᠪᠡᠯ ᠦᠨ ᠨᠣᠶᠠᠷᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

"ᠶᠡᠬᠡ ᠳᠥᠷᠪᠡᠯ" [4]
ᠤᠯᠠᠷᠢᠯ ᠴᠤ ᠯᠠ
1992–93 10 11 6 1
1993–94 4 14 8 1
1994–95 12 11 4 2
1995–96 5 11 3 1
1996–97 3 6 4 1
1997–98 1 4 3 2
1998–99 2 3 7 1
1999–2000 2 5 4 1
2000–01 2 6 3 1
2001–02 1 6 2 3
2002–03 2 4 5 1
2003–04 1 2 4 3
2004–05 2 1 5 3
2005–06 4 1 3 2
2006–07 4 2 3 1
2007–08 3 2 4 1
2008–09 4 3 2 1
2009–10 3 1 7 2
2010–11 4 2 6 1
ᠡᠬᠢᠨ ᠦ ᠳᠥᠷᠪᠡᠨ
ᠪᠠᠭ
16 11 12 19
ᠨᠡᠶᠢᠲᠡ 19 ᠲᠡᠮᠡᠴᠡᠭᠡᠨ

|}

1996-97 ᠣᠨ ᠤ ᠤᠯᠠᠷᠢᠯ ᠠᠴᠠ ᠡᠬᠢᠯᠡᠨ ᠶᠡᠬᠡ ᠳᠥᠷᠪᠡᠯ (ᠠᠷᠰᠧᠨᠠᠯ᠂ ᠴᠧᠯᠰᠢ᠂ ᠯᠢᠤᠧᠷᠫᠦᠯ ᠪᠣᠯᠤᠨ ᠮᠠᠴᠧᠰᠲ᠋ᠧᠷ ᠶᠤᠨ ᠠᠲ᠋ᠧᠳ) ᠯᠢᠭ ᠡᠴᠡ ᠪᠡᠨ ᠪᠠᠶᠢᠩᠭᠤ Union Europeennes de Football Associations ᠠᠪᠣᠷᠭᠣᠴᠣᠳ ᠤᠨ ᠯᠢᠭ ᠲᠦ ᠰᠢᠯᠭᠠᠷᠠᠨ ᠤᠷᠤᠯᠴᠠᠬᠤ ᠪᠣᠯᠤᠭᠰᠠᠨ ᠶᠤᠮ[5]᠃ ᠠᠩᠭᠯᠢ ᠶᠢᠨ ᠯᠢᠭ ᠦᠨ ᠡᠬᠢᠨ ᠦ ᠳᠥᠷᠪᠡᠨ ᠪᠠᠶᠢᠷᠢ ᠡᠵᠡᠯᠡᠭᠰᠡᠨ ᠺᠯᠥ᠋ᠪ ᠦᠳ ᠢ ᠣᠷᠤᠯᠴᠠᠭᠤᠯᠬᠤ ᠡᠷᠬᠡ ᠲᠡᠢ ᠪᠠᠶᠢᠬᠤ ᠪᠥᠭᠡᠳ ᠯᠢᠤᠧᠷᠫᠦᠯᠴᠢ ᠨᠦᠭᠦᠳ ᠢ 2005 ᠣᠨ ᠤ ᠠᠪᠣᠷᠭᠣᠴᠣᠳ ᠤᠨ ᠯᠢᠭ ᠲᠦ ᠲᠡᠷᠢᠭᠦᠯᠡᠭᠰᠡᠨ ᠦ ᠳᠠᠷᠠᠭᠠᠬᠢ ᠳᠥᠷᠪᠡᠨ ᠵᠢᠯ ᠳᠠᠷᠠᠭᠠᠯᠠᠨ ᠶᠡᠬᠡ ᠳᠥᠷᠪᠡᠯ ᠦᠨ ᠪᠠᠭ ᠲᠤᠰ ᠪᠦᠷᠢ ᠠᠪᠤᠷᠭᠤ ᠶᠢᠨ ᠲᠥᠯᠦᠭᠡᠬᠢ ᠲᠣᠭᠯᠠᠯᠲᠠᠨ ᠳᠤ ᠰᠢᠯᠭᠠᠷᠠᠭᠰᠠᠨ ᠠᠮᠵᠢᠯᠲᠠ ᠶᠢ ᠦᠵᠡᠭᠦᠯᠵᠦ ᠪᠠᠶᠢᠪᠠ᠃ ᠡᠨᠡ ᠪᠤᠤᠬᠢᠶ᠎ᠠ 2010 ᠣᠨ ᠳᠤ ᠠᠷᠰᠧᠨᠠᠯ ᠪᠣᠯᠤᠨ ᠮᠠᠴᠧᠰᠲ᠋ᠧᠷ ᠶᠤᠨ ᠠᠲ᠋ᠧᠳᠢ ᠶᠢᠨ ᠳᠥᠷᠪᠡᠨ ᠦ ᠰᠢᠭᠰᠢᠭᠡ ᠡᠴᠡ ᠬᠠᠰᠤᠭᠳᠠᠭᠰᠠᠨ ᠢᠶᠠᠷ ᠲᠦᠷᠢ ᠵᠣᠭᠰᠣᠭᠰᠠᠨ ᠪᠢᠯᠡ᠃ 1994-95 ᠣᠨ ᠤ ᠤᠯᠠᠷᠢᠯ ᠳᠤ ᠪᠯᠺᠪᠧᠷᠨ ᠷᠣᠤᠧᠷᠰ ᠲᠦᠷᠢᠭᠦᠯᠦᠭᠰᠡᠨ ᠡᠴᠡ ᠬᠣᠶᠢᠰᠢ ᠡᠳᠦᠭᠡ ᠶᠢ ᠬᠦᠷᠲᠡᠯ᠎ᠡ ᠮᠠᠴᠧᠰᠲ᠋ᠧᠷ ᠶᠤᠨ ᠠᠲ᠋ᠧᠳ (ᠠᠷᠪᠠᠨ ᠨᠢᠭᠡᠨ ᠲᠦᠷᠦᠭᠦᠨ ᠦ ᠪᠡᠨ ᠨᠠᠶᠢᠮᠠ ᠶᠢ ᠨᠢ), ᠠᠷᠰᠧᠨᠠᠯ ᠪᠣᠯᠤᠨ ᠴᠧᠯᠰᠢ (ᠲᠤᠰ ᠪᠦᠷᠢ ᠭᠤᠷᠪᠠᠨ ᠤᠳᠠᠭ᠎ᠠ) ᠺᠯᠥ᠋ᠪ ᠦᠳ ᠡᠭᠡᠯᠵᠢᠯᠡᠨ ᠲᠦᠷᠢᠭᠦᠯᠵᠡᠢ᠃ ᠶᠡᠬᠡ ᠳᠥᠷᠪᠡᠯ ᠦᠨ ᠬᠤᠪᠢ ᠳᠤ ᠳᠡᠯᠭᠡᠷᠡᠭᠦᠯᠪᠡᠯ᠂ ᠮᠠᠴᠧᠰᠲ᠋ᠧᠷ ᠶᠤᠨ ᠠᠲ᠋ᠧᠳ ᠫᠷᠧᠮᠢᠶᠧᠷ ᠯᠢᠭ ᠦᠨ ᠪᠦᠲᠦᠴᠡ ᠳᠦ ᠰᠢᠯᠵᠢᠭᠰᠡᠨ ᠡᠴᠡ ᠬᠣᠶᠢᠰᠢ ᠡᠬᠢᠨ ᠦ ᠭᠤᠷᠪᠠᠨ ᠪᠠᠶᠢᠷᠢ ᠠᠴᠠ ᠶᠡᠷᠦ ᠪᠠᠭᠤᠵᠤ ᠪᠠᠶᠢᠭ᠎ᠠ ᠦᠭᠡᠢ ᠪᠥᠭᠡᠳ ᠯᠢᠤᠧᠷᠫᠦᠯ 1990 ᠣᠨ ᠠᠴᠠ ᠬᠣᠶᠢᠰᠢ ᠲᠦᠷᠦᠭᠦᠯᠡᠵᠦ ᠪᠠᠶᠢᠭ᠎ᠠ ᠦᠭᠡᠢ᠃ ᠶᠡᠬᠡ ᠳᠥᠷᠪᠡᠯ ᠦᠨ ᠭᠤᠷᠪᠠᠨ ᠪᠠᠭ ᠠᠪᠣᠷᠭᠣᠴᠣᠳ ᠤᠨ ᠯᠢᠭ ᠦᠨ ᠰᠡᠭᠦᠯ ᠦᠨ ᠤᠯᠠᠷᠢᠯ ᠤᠨ ᠭᠤᠷᠪᠠ ᠳᠤ ᠨᠢ ᠬᠠᠭᠠᠰ ᠰᠢᠭᠰᠢᠭᠡ ᠳᠦ ᠰᠢᠯᠭᠠᠷᠠᠭᠰᠠᠨ ᠠᠮᠵᠢᠯᠲᠠ ᠶᠢ ᠦᠵᠡᠭᠦᠯᠵᠡᠢ᠃ 2003-04 ᠣᠨ ᠳᠤ ᠠᠷᠰᠧᠨᠠᠯ ᠺᠯᠥ᠋ᠪ ᠯᠢᠭ ᠦᠨ ᠪᠦᠬᠦᠢ ᠯᠠ ᠲᠣᠭᠯᠠᠯᠲᠠᠨ ᠳᠤ ᠨᠢᠭᠡ ᠢᠯᠠᠭᠳᠠᠯ ᠦᠭᠡᠢ[6] ᠍ ᠪᠡᠷ ᠤᠯᠠᠷᠢᠯ ᠢ ᠳᠠᠭᠤᠰᠬᠠᠭᠰᠠᠨ ᠨᠢ 1888-89 ᠣᠨ ᠳᠤ ᠫᠷᠧᠰᠲ᠋ᠣᠨ ᠨᠣᠷᠲ ᠡᠨᠳᠡ ᠺᠯᠥ᠋ᠪ ᠤᠨ ᠠᠮᠵᠢᠯᠲᠠ ᠶᠢ ᠳᠠᠪᠲᠠᠰᠴᠤ ᠪᠠᠶᠢᠭᠰᠠᠨ ᠪᠣᠯ ᠴᠧᠯᠰᠢ ᠤᠯᠠᠷᠢᠯ ᠢ ᠬᠠᠮᠤᠭ ᠤᠨ ᠶᠡᠬᠡ ᠣᠨᠣᠭᠣ ᠲᠠᠢ ᠪᠠᠷ (95)[7] ᠳᠠᠭᠤᠰᠬᠠᠵᠤ ᠲᠡᠦᠬᠡᠨ ᠠᠮᠵᠢᠯᠲᠠ ᠶᠢᠨ ᠡᠵᠡᠨ ᠪᠣᠯᠵᠤ ᠪᠠᠶᠢᠪᠠ᠃ ᠲᠡᠭᠦᠨᠴᠢᠯᠡᠨ ᠶᠡᠬᠡ ᠳᠥᠷᠪᠡᠯ ᠦᠨ ᠬᠢᠨ ᠡᠭᠡᠯᠵᠢᠯᠡᠨ ᠰᠡᠭᠦᠯ ᠦᠨ ᠵᠢᠷᠭᠤᠭᠠᠨ ᠵᠢᠯ ᠦᠨ ᠠᠪᠣᠷᠭᠣᠴᠣᠳ ᠤᠨ ᠯᠢᠭ ᠲᠦ ᠰᠢᠪᠦᠭᠡᠷᠡᠬᠦ ᠳᠦ ᠪᠡᠨ 2005 (ᠯᠢᠤᠧᠷᠫᠦᠯ) ᠪᠣᠯᠤᠨ 2008 (ᠮᠠᠴᠧᠰᠲ᠋ᠧᠷ ᠶᠤᠨ ᠠᠲ᠋ᠧᠳ) ᠣᠨ ᠨᠤᠭᠤᠳ ᠲᠤ ᠲᠡᠷᠢᠭᠦᠯᠡᠭᠰᠡᠨ ᠪᠣᠯ 2006 (ᠠᠷᠰᠧᠨᠠᠯ), 2007 (ᠯᠢᠤᠧᠷᠫᠦᠯ), 2008 (ᠴᠧᠯᠰᠢ), 2009 (ᠮᠠᠴᠧᠰᠲ᠋ᠧᠷ ᠶᠤᠨ ᠠᠲ᠋ᠧᠳ) ᠣᠨ ᠨᠤᠭᠤᠳ ᠲᠤ ᠠᠮᠠᠨ ᠬᠦᠵᠦᠭᠦᠳᠡᠭᠰᠡᠨ ᠲᠡᠦᠬᠡ ᠲᠡᠢ᠃ 2010-11 ᠣᠨ ᠤ ᠤᠯᠠᠷᠢᠯ ᠳᠤ ᠮᠠᠴᠧᠰᠲ᠋ᠧᠷ ᠶᠤᠨ ᠠᠲ᠋ᠧᠳ ᠲᠦᠷᠦᠭᠦᠯᠡᠵᠦ ᠤᠳᠠᠬᠢ ᠪᠠᠶᠢᠷᠢ ᠳᠤ ᠴᠧᠯᠰᠢᠮᠠᠴᠧᠰᠲ᠋ᠧᠷ ᠰᠢᠲ᠋ᠢᠠᠷᠰᠧᠨᠠᠯ ᠪᠠᠭ ᠤᠳ ᠣᠷᠣᠭᠰᠠᠨ ᠪᠢᠯᠡ᠃

2010–11 ᠣᠨ ᠤ ᠭᠡᠰᠢᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠧᠮᠢᠶᠧᠷ ᠯᠢᠭ ᠦᠨ 2011–12 ᠤᠯᠠᠷᠢᠯ ᠢᠶᠠᠷ ᠥᠷᠢᠰᠥᠯᠳᠥᠬᠦ 20 ᠪᠠᠭ ᠤᠨ ᠨᠡᠷᠡᠰ᠃

ᠺᠯᠥ᠋ᠪ
ᠪᠠᠶᠢᠷᠢᠯᠠᠯ
2010–11
ᠲᠡᠷᠢᠭᠦᠨ ᠳ᠋ᠢᠸᠢᠽ ᠳ᠋ᠡᠬᠢ
ᠡᠬᠢᠨ ᠦ ᠤᠯᠠᠷᠢᠯ
ᠲᠡᠷᠢᠭᠦᠨ ᠳ᠋ᠢᠸᠢᠰ ᠲᠦ
ᠥᠷᠢᠰᠦᠯᠳᠦᠵᠦ ᠪᠠᠶᠢᠭᠰᠠᠨ ᠲᠣᠭ᠎ᠠ
ᠫᠷᠧᠮᠢᠶᠧᠷ ᠯᠢᠭ ᠲᠦ
ᠥᠷᠢᠰᠦᠯᠳᠦᠭᠰᠡᠨ ᠤᠯᠠᠷᠢᠯ ᠤᠨ ᠲᠣᠭ᠎ᠠ
ᠲᠡᠷᠢᠭᠦᠨ ᠳ᠋ᠢᠸᠢᠰ ᠲᠦ
ᠲᠠᠰᠤᠷᠠᠯᠲᠠ ᠦᠭᠡᠢ ᠰᠢᠯᠭᠠᠷᠠᠭᠰᠠᠨ ᠪᠣᠯ
ᠠᠩᠬᠠᠨ ᠤ ᠤᠯᠠᠷᠢᠯ
ᠲᠡᠷᠢᠭᠦᠨ ᠳ᠋ᠢᠸᠢᠽᠢ ᠶᠢᠨ
ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ
ᠲᠡᠷᠢᠭᠦᠨ ᠳ᠋ᠢᠸᠢᠰ ᠲᠦ
ᠬᠠᠮᠤᠭ ᠤᠨ ᠰᠡᠭᠦᠯ ᠳᠦ
ᠲᠡᠷᠢᠭᠦᠯᠡᠭᠰᠡᠨ ᠨᠢ
ᠠᠷᠰᠧᠨᠠᠯᠠ᠂ᠪ 0034 ᠳᠦᠭᠡᠷ ᠪᠠᠶᠢᠷᠢ 1904–05 95 20 1919–20 13 2003–04
ᠠᠰᠲ᠋ᠣᠨ ᠸᠢᠯᠯᠠᠠ᠂ᠪ 0069 ᠳᠦᠭᠡᠷ ᠪᠠᠶᠢᠷᠢ 1888–89 101 20 1988–89 7 1980–81
ᠪᠯᠺᠪᠧᠷᠨ ᠷᠣᠤᠧᠷᠰ 010style="display:none">01015 ᠳ᠋ᠤᠭᠠᠷ ᠪᠠᠶᠢᠷᠢ 1888–89 72 18 2001–02 3 1994–95
ᠪᠣᠯᠲᠠᠨ ᠤᠣᠨᠳᠧᠷᠧᠷᠰ 01414 ᠳᠦᠭᠡᠷ ᠪᠠᠶᠢᠷᠢ 1888–89 73 13 2001–02 0 ᠲ/ᠪ
ᠸᠧᠰᠲ ᠪᠷᠣᠮᠸᠢᠴ ᠠᠯᠪᠢᠣᠨ 02211 ᠳᠦᠭᠡᠷ ᠪᠠᠶᠢᠷᠢ 1888–89 73 6 2010–11 1 1919–20
ᠸᠭᠳᠤᠧᠷᠭᠡᠮᠫᠲ᠋ᠣᠨ ᠤᠣᠨᠳᠧᠷᠧᠷᠰ 01517 ᠳ᠋ᠤᠭᠠᠷ ᠪᠠᠶᠢᠷᠢ 1888–89 63 4 2009–10 3 1958–59
ᠺᠦ᠋ᠣᠩ ᠫᠠᠷᠺ ᠷᠧᠢᠨᠵᠧᠷᠰa 009ᠯᠢᠭ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ 1 ᠍ ᠳᠦᠭᠡᠷ ᠪᠠᠶᠢᠷᠢ 1968–69 22 5 2011–12 0 ᠲ/ᠪ
ᠯᠢᠤᠧᠷᠫᠦᠯᠠ᠂ᠪ 0076 ᠳ᠋ᠤᠭᠠᠷ ᠪᠠᠶᠢᠷᠢ 1894–95 97 20 1962–63 18 1989–90
ᠮᠠᠴᠧᠰᠲ᠋ᠧᠷ ᠰᠢᠲ᠋ᠢ 0053 ᠳ᠋ᠤᠭᠠᠷ ᠪᠠᠶᠢᠷᠢ 1899–1900 83 15 2002–03 2 1967–68
ᠮᠠᠴᠧᠰᠲ᠋ᠧᠷ ᠶᠤᠨ ᠠᠲ᠋ᠧᠳᠠ᠂ᠪ 0021 ᠳᠦᠭᠡᠷ ᠪᠠᠶᠢᠷᠢ 1892–93 87 20 1975–76 19 2010–11
ᠨᠣᠷᠪᠢᠴᠢ ᠰᠢᠲ᠋ᠢa 017ᠯᠢᠭ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ 2 ᠍ ᠳᠦᠭᠡᠷ ᠪᠠᠶᠢᠷᠢ 1972–73 22 5 2011–12 0 ᠲ/ᠪ
ᠨᠦᠶᠢᠺᠠᠰᠯ ᠶᠤᠨ ᠠᠲ᠋ᠧᠳ 02112 ᠳ᠋ᠤᠭᠠᠷ ᠪᠠᠶᠢᠷᠢ 1898–99 81 18 2010–11 4 1926–27
ᠰᠠᠨᠳᠧᠷᠯᠧᠨᠳ 01310 ᠳ᠋ᠤᠭᠠᠷ ᠪᠠᠶᠢᠷᠢ 1890–91 81 11 2007–08 6 1935–36
ᠰᠲ᠋ᠣᠺ ᠰᠢᠲ᠋ᠢ 01113 ᠳ᠋ᠤᠭᠠᠷ ᠪᠠᠶᠢᠷᠢ 1888–89 56 4 2008–09 0 ᠲ/ᠪ
ᠰᠤᠤᠩᠰᠢ ᠰᠢᠲ᠋ᠢ 026ᠯᠢᠭ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ 3 ᠍ ᠳᠦᠭᠡᠷ ᠪᠠᠶᠢᠷᠢ 1981–82 3 1 2011–12 0 ᠲ/ᠪ
ᠲᠣᠳᠲ᠋ᠧᠨᠭᠡᠮ ᠬᠣᠲᠠᠰᠫᠦ᠋ᠷᠠ᠂ᠪ 0045 ᠳ᠋ᠤᠭᠠᠷ ᠪᠠᠶᠢᠷᠢ 1909–10 71 20 1978–79 2 1960–61
ᠤᠤᠭᠠᠨ ᠠᠲᠯᠧᠲ᠋ᠢᠭ 01616 ᠳ᠋ᠤᠭᠠᠷ ᠪᠠᠶᠢᠷᠢ 2005–06 7 7 2005–06 0 ᠲ/ᠪ
ᠹᠦᠯᠦᠭᠡᠮ 0128 ᠳ᠋ᠤᠭᠠᠷ ᠪᠠᠶᠢᠷᠢ 1949–50 23 11 2001–02 0 ᠲ/ᠪ
ᠴᠧᠯᠰᠢᠠ᠂ᠪ 0012 ᠳ᠋ᠤᠭᠠᠷ ᠪᠠᠶᠢᠷᠢ 1907–08 77 20 1989–90 4 2009–10
ᠡᠪᠣᠷᠲᠠᠨᠠ᠂ᠪ 0087 ᠳ᠋ᠤᠭᠠᠷ ᠪᠠᠶᠢᠷᠢ 1888–89 109 20 1954–55 9 1986–87
ᠲᠦᠯᠬᠢᠭᠦᠷ ᠦᠭᠡ

: ᠫᠷᠧᠮᠢᠶᠧᠷ ᠯᠢᠭ ᠦᠨ ᠰᠠᠩ ᠤᠨ ᠭᠡᠰᠢᠭᠦᠳ
: ᠫᠷᠧᠮᠢᠶᠧᠷ ᠯᠢᠭ ᠡᠴᠡ ᠳᠣᠭᠣᠭᠰᠢ ᠤᠨᠠᠵᠤ ᠪᠠᠶᠢᠭ᠎ᠠ ᠦᠭᠡᠢ
ᠲ/ᠪ: ᠲᠦᠷᠦᠭᠦᠯᠡᠵᠦ ᠪᠠᠶᠢᠭ᠎ᠠ ᠦᠭᠡᠢ

ᠲᠣᠭᠯᠠᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠴᠠᠭ ᠦᠶ᠎ᠡ ᠶᠢᠨ ᠭᠠᠷ ᠢᠶᠠᠨ
(ᠵᠥᠪᠬᠡᠨ ᠫᠷᠧᠮᠢᠶᠧᠷ ᠯᠢᠭ ᠦᠨ ᠭᠠᠷ ᠢᠶᠠᠨ)
ᠳ/ᠳ ᠲᠣᠭᠯᠠᠭᠴᠢ ᠭᠠᠷ ᠢᠶᠠᠨ
1 ᠤᠥᠯᠰ ᠷᠠᠶᠤᠨ ᠭᠢ ᠦᠭᠵᠠ 573
2 ᠠᠩᠭᠯᠢ ᠳᠡᠪ ᠲᠦ ᠵᠡᠮᠰ 572
3 ᠤᠥᠯᠰ ᠭᠡᠷᠢ ᠰᠫᠢᠳ᠋ 535
4 ᠠᠩᠭᠯᠢ ᠰᠣᠯ ᠺᠥᠮᠫᠪᠧᠯᠯ 503
5 ᠠᠩᠭᠯᠢ ᠹᠷᠦᠨᠺ ᠯᠠᠮᠫᠠᠷ ᠲᠤ 491
6 ᠠᠩᠭᠯᠢ ᠡᠮᠢᠯ ᠬᠧᠰᠺᠢ 488
7 ᠠᠩᠭᠯᠢ ᠫᠣᠯ ᠰᠺᠣᠤᠯᠵᠠ 466
8 ᠠᠩᠭᠯᠢ ᠵᠧᠢᠮᠢ ᠺᠠᠷᠷᠠᠭᠧᠷ 463
9 ᠠᠩᠭᠯᠢ ᠹᠢᠯ ᠨᠸᠢᠯ 460
10 ᠠᠩᠭᠯᠢ ᠠᠯᠠᠨ ᠰᠢᠷᠧᠷ 441
(ᠲᠣᠳᠣᠷᠠᠭᠤᠯᠤᠭᠰᠠᠨ ᠨᠢ ᠣᠳᠣ ᠲᠣᠭᠯᠠᠵᠤ ᠪᠠᠶᠢᠭ᠎ᠠ ᠭᠡᠰᠡᠨ ᠤᠳᠬ᠎ᠠ ᠶᠢ ᠢᠯᠡᠷᠬᠡᠶᠢᠯᠡᠵᠦ ᠪᠤᠢ).[8]

ᠫᠷᠧᠮᠢᠶᠧᠷ ᠯᠢᠭ ᠲᠦ 1992-93 ᠣᠨ ᠤ ᠤᠯᠠᠷᠢᠯ ᠠᠴᠠ ᠡᠬᠢᠯᠡᠨ ᠭᠠᠳᠠᠭᠠᠳᠤ ᠲᠣᠭᠯᠠᠭᠴᠢᠳ ᠲᠣᠭᠯᠠᠬᠤ ᠪᠣᠯᠵᠠᠢ[9]2000-01 ᠣᠨ ᠳᠤ ᠫᠷᠧᠮᠢᠶᠧᠷ ᠯᠢᠭ ᠦᠨ ᠨᠡᠶᠢᠲᠡ ᠲᠣᠭᠯᠠᠭᠴᠢᠳ ᠤᠨ 36 ᠬᠤᠪᠢ ᠨᠢ ᠭᠠᠳᠠᠭᠠᠳᠤ ᠶᠢᠨ ᠲᠣᠭᠯᠠᠭᠴᠢᠳ ᠪᠠᠶᠢᠭᠰᠠᠨ ᠪᠠ ᠴᠢᠨᠠᠭᠰᠢ ᠥᠰᠦᠭᠰᠡᠭᠡᠷ 2004-05 ᠣᠨ ᠳᠤ 45 ᠬᠤᠪᠢ ᠪᠣᠯᠤᠭᠰᠠᠨ ᠶᠤᠮ᠃ 2005 ᠣᠨ ᠤ ᠬᠣᠶᠠᠳᠤᠭᠠᠷ ᠰᠠᠷ᠎ᠠ ᠶᠢᠨ 14 ᠍ ᠦ ᠠᠷᠰᠧᠨᠠᠯ ᠤᠨ ᠲᠣᠭᠯᠠᠯᠲᠠ ᠶᠢᠨ ᠪᠠᠭ ᠤᠨ ᠪᠦᠷᠢᠯᠳᠦᠬᠦᠨ ᠳᠦ 16 ᠭᠠᠳᠠᠭᠠᠳᠤ ᠲᠣᠭᠯᠠᠭᠴᠢᠳ ᠪᠠᠶᠢᠴᠠᠢ᠃[10] ᠠᠩᠭᠯᠢ ᠪᠢᠰᠢ ᠲᠠᠪᠤᠨ ᠳᠠᠰᠬᠠᠯᠵᠢᠭᠤᠯᠤᠭᠴᠢ ᠪᠠᠭ ᠤᠳᠤᠷᠢᠳᠤᠨ ᠫᠷᠧᠮᠢᠶᠧᠷ ᠯᠢᠭ ᠲᠦ ᠲᠦᠷᠢᠭᠦᠯᠭᠡᠭᠰᠡᠨ ᠪᠠᠶᠢᠬᠤ ᠶᠤᠮ᠃ ᠡᠭᠦᠨ ᠳᠦ: ᠱᠣᠲᠯᠠᠨ᠋ᠳ᠋ ᠍ ᠤᠨ ᠠᠯᠧᠺᠰ ᠹᠧᠷᠶᠠᠭᠰᠠᠨ (ᠮᠠᠴᠧᠰᠲ᠋ᠧᠷ ᠶᠤᠨ ᠠᠲ᠋ᠧᠳ᠂ ᠠᠷᠪᠠᠨ ᠨᠢᠭᠡ ᠲᠦᠷᠢᠭᠦᠯᠭᠡᠭᠰᠡᠨ) ᠪᠣᠯᠤᠨ ᠺᠧᠩᠨᠢ ᠳᠠᠯᠭᠯᠢᠰᠢ (ᠪᠯᠺᠪᠧᠷᠨ ᠷᠣᠤᠧᠷᠰ᠂ ᠨᠢᠭᠡ ᠲᠦᠷᠢᠭᠦᠯᠭᠡᠭᠰᠡᠨ), ᠹᠷᠠᠨᠼᠢ ᠶᠢᠨ ᠠᠷᠰᠧᠨ ᠸᠧᠩ ᠢᠶᠧᠷ (ᠠᠷᠰᠧᠨᠠᠯ᠂ ᠭᠤᠷᠪᠠ ᠲᠦᠷᠢᠭᠦᠯᠭᠡᠭᠰᠡᠨ), ᠢᠲ᠋ᠠᠯᠢ ᠶᠢᠨ ᠺᠠᠷᠯᠠ ᠠᠨᠴᠢᠯᠣᠲ᠋ᠲ᠋ᠢ (ᠴᠧᠯᠰᠢ᠂ ᠨᠢᠭᠡ ᠤᠳᠠᠭ᠎ᠠ ᠲᠦᠷᠢᠭᠦᠯᠭᠡᠭᠰᠡᠨ), ᠫᠣᠷᠲᠤᠭᠤᠯ ᠤᠨ ᠵᠣᠽᠧ ᠮᠣᠤᠷᠢᠨᠢᠶᠤᠶᠢ (ᠴᠧᠯᠰᠢ᠂ ᠬᠣᠶᠠᠷ ᠲᠦᠷᠢᠭᠦᠯᠭᠡᠭᠰᠡᠨ) ᠨᠠᠷᠠ ᠶᠤᠮ᠃

260 ᠭᠠᠷᠤᠢ ᠲᠣᠭᠯᠠᠭᠴᠢ ᠭᠠᠳᠠᠭᠠᠳᠤ ᠶᠢᠨ ᠯᠢᠭ ᠦᠳ ᠲᠦ ᠲᠣᠭᠯᠠᠳᠠᠭ ᠠᠴᠠ 101 ᠨᠢ ᠠᠩᠭᠯᠢ ᠶᠢᠨ ᠯᠢᠭ ᠦᠳ ᠲᠦ ᠲᠣᠭᠯᠠᠳᠠᠭ ᠭᠡᠰᠡᠨ ᠰᠤᠳᠤᠯᠭ᠎ᠠ 2002 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠦᠶ᠎ᠡ ᠪᠡᠷ ᠭᠠᠷᠴᠠᠢ᠃

ᠫᠷᠧᠮᠢᠶᠧᠷ ᠯᠢᠭ ᠦᠨ ᠲᠧᠯᠧᠸᠢᠰ ᠦᠨ ᠰᠤᠪᠠᠭ ᠤᠳ ᠲᠠᠢ ᠪᠠᠶᠢᠭᠤᠯᠤᠭᠰᠠᠨ ᠭᠡᠷ᠎ᠡ ᠶᠢᠨ ᠬᠥᠯᠥᠰᠥ ᠪᠠᠶᠢᠩᠭᠤ ᠥᠰᠳᠡᠭ ᠲᠡᠢ ᠬᠣᠯᠪᠣᠭᠳᠠᠨ ᠯᠢᠭ ᠦᠨ ᠲᠣᠭᠯᠠᠭᠴᠢᠳ ᠤᠨ ᠴᠠᠯᠢᠩ ᠬᠥᠯᠥᠰᠥ ᠳᠠᠭᠠᠭᠠᠳ ᠣᠭᠴᠣᠮ ᠥᠰᠬᠦ ᠬᠠᠨᠳᠤᠯᠭ᠎ᠠ ᠲᠠᠢ ᠪᠣᠯᠵᠤ ᠢᠷᠡᠵᠡᠢ᠃ ᠠᠩᠬᠠᠯᠠᠨ ᠫᠷᠧᠮᠢᠶᠧᠷ ᠯᠢᠭ ᠦᠨ ᠲᠣᠭᠯᠠᠭᠴᠢᠳ ᠤᠨ ᠵᠢᠯ ᠦᠨ ᠳᠤᠮᠳᠠᠴᠢ ᠴᠠᠯᠢᠩ 75000 ᠹᠦᠨᠲ[11] ᠪᠠᠶᠢᠵᠤ ᠪᠠᠶᠢᠭᠠᠳ ᠠᠷᠪᠠᠨ ᠵᠢᠯ ᠦᠨ ᠲᠤᠷᠰᠢᠳᠠ ᠳᠤᠮᠳᠠᠴᠢ ᠪᠠᠷ 20 ᠬᠤᠪᠢ ᠥᠰᠦᠭᠰᠡᠭᠡᠷ[12] 2003-04 ᠣᠨ ᠤ ᠤᠯᠠᠷᠢᠯ ᠳᠤ 676000 ᠹᠦᠨᠲ ᠪᠣᠯᠤᠭᠰᠠᠨ ᠪᠠᠶᠢᠪᠠ᠃[13]

1992 ᠣᠨ ᠳᠤ ᠰᠣᠤᠳᠬᠡᠮᠫᠲ᠋ᠣᠨ ᠺᠯᠥ᠋ᠪ ᠤᠨ ᠳᠣᠪᠲᠣᠯᠤᠭᠴᠢ ᠠᠯᠠᠨ ᠰᠢᠷᠧᠷ ᠢ 3 ᠰᠠᠶ᠎ᠠ ᠹᠦᠨᠲ ᠤᠨ ᠭᠡᠷ᠎ᠡ ᠪᠠᠶᠢᠭᠤᠯᠤᠨ ᠬᠤᠳᠠᠯᠳᠤᠨ ᠠᠪᠤᠭᠰᠠᠨ ᠪᠯᠺᠪᠧᠷᠨ ᠷᠣᠤᠧᠷᠰ ᠺᠯᠥ᠋ᠪ ᠤᠨ ᠨᠠᠶᠢᠮᠠᠢ ᠫᠷᠧᠮᠢᠶᠧᠷ ᠯᠢᠭ ᠦᠨ ᠠᠩᠬᠠᠨ ᠤ ᠠᠩᠭᠯᠢ ᠲᠣᠭᠯᠠᠭᠴᠢ ᠶᠢᠨ ᠰᠣᠯᠢᠯᠴᠠᠭ᠎ᠠ ᠪᠠᠶᠢᠪᠠ᠃[14] ᠠᠯᠠᠨ ᠰᠢᠷᠧᠷ ᠨᠢ 1996 ᠣᠨ ᠳᠤ ᠨᠦᠶᠢᠺᠠᠰᠯ ᠶᠤᠨ ᠠᠲ᠋ᠧᠳ ᠺᠯᠥ᠋ᠪ ᠷᠦᠦ 15 ᠰᠠᠶ᠎ᠠ ᠹᠦᠨᠲ ᠢᠶᠡᠷ ᠣᠴᠢᠭᠰᠠᠨ ᠨᠢ ᠳᠡᠯᠡᠬᠡᠢ ᠶᠢᠨ ᠰᠣᠯᠢᠯᠴᠠᠭ᠎ᠠ ᠨᠠᠶᠢᠮᠠᠭᠠᠨ ᠤ ᠬᠠᠮᠤᠭ ᠤᠨ ᠥᠨᠳᠥᠷ ᠪᠣᠯᠵᠤ ᠪᠠᠶᠢᠪᠠ᠃ ᠡᠭᠦᠨ ᠡᠴᠡ ᠳᠠᠷᠠᠭᠠᠬᠠᠨ ᠷᠢᠣ ᠹᠧᠷᠳ᠋ᠢᠨᠠᠩ ᠳᠤ ᠯᠢᠳᠡᠰ ᠶᠤᠨ ᠠᠲ᠋ᠧᠳ ᠲᠤ ᠣᠴᠢᠬᠤ ᠳᠤ ᠪᠠᠨ 18 ᠰᠠᠶ᠋ᠢ ᠶᠢᠨ ᠦᠨ᠎ᠡ ᠪᠡᠷ ᠳᠡᠭᠡᠷᠡᠬᠢ ᠦᠨ᠎ᠡ ᠶᠢ ᠳᠠᠪᠠᠭᠰᠠᠨ ᠴᠤ ᠭᠤᠷᠪᠠᠨ ᠵᠢᠯ ᠦᠨ ᠲᠤᠷᠰᠢᠳᠠ ᠠᠩᠭᠯᠢᠴᠢ ᠨᠤᠭᠤᠳ ᠤᠨ ᠬᠤᠪᠢ ᠳᠤ ᠥᠨᠳᠥᠷ ᠦᠨ᠎ᠡ ᠶᠢ ᠲᠣᠭᠲᠠᠭᠠᠵᠤ ᠴᠢᠳᠠᠭ᠎ᠠ ᠦᠭᠡᠢ ᠶᠤᠮ᠃ ᠮᠠᠴᠧᠰᠲ᠋ᠧᠷ ᠶᠤᠨ ᠠᠲ᠋ᠧᠳ ᠷᠤᠳ ᠸᠠᠩ ᠨᠢᠰᠲ᠋ᠧᠯᠷᠠᠢ᠂ ᠬᠤᠸᠠ ᠶᠢᠨ ᠰᠧᠪᠧᠰᠲ᠋ᠠᠶᠠᠩ ᠸᠧᠷᠣᠨ ᠪᠣᠯᠤᠨ ᠷᠢᠣ ᠹᠧᠷᠳ᠋ᠢᠨᠠᠩ ᠳᠤ ᠨᠠᠷ ᠲᠠᠢ ᠭᠡᠷ᠎ᠡ ᠪᠠᠶᠢᠭᠤᠯᠤᠭᠰᠠᠨ ᠨᠢ ᠳᠠᠷᠠᠭᠠᠯᠠᠨ ᠭᠡᠷ᠎ᠡ ᠪᠠᠶᠢᠭᠤᠯᠤᠭᠰᠠᠨ ᠨᠢ ᠨᠠᠶᠢᠮᠠᠭᠠᠨ ᠤ ᠳᠡᠭᠡᠳᠦ ᠦᠨ᠎ᠡ ᠶᠢ ᠲᠤᠰ ᠲᠤᠰ ᠲᠣᠭᠲᠠᠭᠠᠭᠰᠠᠨ ᠶᠤᠮ᠃[15][16] 2006 ᠣᠨ ᠤ ᠲᠠᠪᠤᠳᠤᠭᠠᠷ ᠰᠠᠷ᠎ᠠ ᠳᠤ ᠴᠧᠯᠰᠢ ᠪᠠᠭ ᠠᠨᠳᠠᠷᠢ ᠱᠧᠸᠼᠧᠩᠺᠣ ᠶᠢ ᠮᠢᠯᠠᠨ ᠺᠯᠥ᠋ᠪ ᠡᠴᠡ 30 ᠰᠠᠶ᠎ᠠ ᠹᠦᠨᠲ ᠤᠨ ᠭᠡᠷ᠎ᠡ ᠪᠡᠷ ᠠᠪᠤᠭᠰᠠᠨ ᠨᠢ ᠳᠡᠭᠡᠳᠦ ᠦᠨ᠎ᠡ ᠪᠣᠯᠵᠠᠢ᠃[17] ᠡᠨᠡ ᠦᠨ᠎ᠡ ᠶᠢ 2008 ᠶᠢᠰᠦᠳᠦᠭᠡᠷ ᠰᠠᠷ᠎ᠠ ᠶᠢᠨ ᠨᠢᠭᠡᠨ ᠦ ᠷᠣᠪᠢᠨᠣᠭ ᠮᠠᠴᠧᠰᠲ᠋ᠧᠷ ᠰᠢᠲ᠋ᠢ ᠺᠯᠥ᠋ᠪ ᠤᠨ ᠷᠧᠠᠯ ᠮᠠᠳ᠋ᠷᠢᠳ ᠠᠴᠠ ᠬᠤᠳᠠᠯᠳᠤᠨ ᠠᠪᠤᠭᠰᠠᠨ ᠭᠡᠷ᠎ᠡ ᠶᠢᠨ 32.5 ᠰᠠᠶ᠎ᠠ ᠹᠦᠨᠲ ᠢᠶᠡᠷ ᠳᠠᠪᠠᠭᠰᠠᠨ ᠶᠤᠮ᠃[18] ᠣᠳᠣ ᠳᠡᠭᠡᠳᠦ ᠦᠨ᠎ᠡ ᠶᠢ ᠮᠠᠴᠧᠰᠲ᠋ᠧᠷ ᠶᠤᠨ ᠠᠲ᠋ᠧᠳᠲᠠᠢ ᠪᠠᠶᠢᠭᠤᠯᠤᠭᠰᠠᠨ ᠷᠧᠠᠯ ᠮᠠᠳ᠋ᠷᠢᠳ ᠤᠨ ᠭᠡᠷ᠎ᠡ ᠶᠢᠨ ᠦᠨ᠎ᠡ ᠲᠣᠭᠲᠠᠭᠠᠭᠰᠠᠨ ᠪᠠᠶᠢᠭ᠎ᠠ᠃ ᠡᠨᠡ ᠪᠣᠯ ᠺᠷᠢᠰᠲ᠋ᠢ ᠪᠠᠨᠨᠣ ᠷᠤᠨᠠᠯᠢᠳᠠᠭ 80 ᠰᠠᠶ᠎ᠠ ᠹᠦᠨᠲ ᠢᠶᠡᠷ ᠬᠤᠳᠠᠯᠳᠤᠨ ᠠᠪᠤᠭᠰᠠᠨ ᠦᠨ᠎ᠡ ᠪᠢᠯᠡ᠃[19]

ᠥᠩᠭᠡᠷᠡᠭᠰᠡᠨ ᠤᠯᠠᠷᠢᠯ ᠫᠣᠷᠲ᠋ᠰᠮᠤᠲᠤ ᠺᠯᠥ᠋ᠪ ᠲᠤ ᠬᠠᠭᠠᠯᠭᠠᠴᠢ ᠪᠠᠷ ᠠᠯᠪᠠ ᠬᠠᠰᠢᠵᠤ ᠪᠠᠶᠢᠭᠰᠠᠨ ᠳᠡᠪ ᠲᠦ ᠵᠧᠮᠰ ᠫᠷᠧᠮᠧᠷ ᠯᠢᠭ ᠲᠦ ᠬᠠᠮᠤᠭ ᠤᠨ ᠣᠯᠠᠨ ᠲᠣᠭᠯᠠᠯᠲᠠᠨ ᠳᠤ ᠣᠷᠣᠯᠴᠠᠭᠰᠠᠨ ᠪᠠᠶᠢᠳᠠᠭ ᠪᠠ 2009 ᠣᠨ ᠤ ᠬᠣᠶᠠᠳᠤᠭᠠᠷ ᠰᠠᠷ᠎ᠠ ᠶᠢ ᠬᠦᠷᠲᠡᠯ᠎ᠡ ᠭᠡᠷᠢ ᠰᠫᠢᠳ᠋ 535 ᠭᠠᠷᠤᠭ᠎ᠠ ᠪᠠᠷ ᠢᠶᠠᠨ ᠡᠨᠡ ᠠᠮᠵᠢᠯᠲᠠ ᠶᠢᠨ ᠡᠵᠡᠨ ᠪᠠᠶᠢᠭᠰᠠᠨ ᠶᠤᠮ᠃[20]

ᠣᠯᠠᠨ ᠭᠣᠣᠯ ᠣᠷᠣᠭᠤᠯᠤᠭᠰᠠᠨ ᠲᠣᠭᠯᠠᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠧᠮᠢᠶᠧᠷ ᠯᠢᠭ ᠲᠦ ᠪᠦᠬᠦ ᠴᠠᠭ ᠦᠶ᠎ᠡ ᠳᠦ ᠬᠠᠮᠤᠭ ᠤᠨ ᠣᠯᠠᠨ ᠭᠣᠣᠯ ᠣᠷᠣᠭᠤᠯᠤᠭᠰᠠᠨ ᠲᠣᠭᠯᠠᠭᠴᠢᠳ
(ᠵᠥᠪᠬᠡᠨ ᠫᠷᠧᠮᠢᠶᠧᠷ ᠯᠢᠭ ᠦᠨ ᠭᠣᠣᠯ ᠤᠳ)
ᠳ/ᠳ ᠲᠣᠭᠯᠠᠭᠴᠢ ᠭᠣᠣᠯ
1 ᠠᠩᠭᠯᠢ ᠠᠯᠠᠨ ᠰᠢᠷᠧᠷ 260
2 ᠠᠩᠭᠯᠢ ᠡᠨᠳᠡᠷᠡᠶᠤ ᠺᠣᠤᠯ 187
3 ᠹᠷᠠᠨᠼᠢ ᠲᠧᠷᠷᠢ ᠠᠨᠠᠷᠢ 174
4 ᠠᠩᠭᠯᠢ ᠷᠣᠪᠪᠢ ᠹᠠᠦᠯᠧᠷ 162
5 ᠠᠩᠭᠯᠢ ᠯᠧᠰ ᠹᠧᠷᠳ᠋ᠢᠨᠠᠩ ᠳᠤ 149
ᠠᠩᠭᠯᠢ ᠮᠠᠶᠢᠺᠯ ᠣᠦ᠋ᠡᠨ 149
7 ᠠᠩᠭᠯᠢ ᠲᠧᠳᠳᠢ ᠱᠧᠷᠢᠩ ᠢᠶᠧᠮ 147
8 ᠠᠩᠭᠯᠢ ᠹᠷᠦᠨᠺ ᠯᠠᠮᠫᠠᠷ ᠲᠤ 139
9 ᠨᠢᠳᠧᠷᠯᠠᠨᠲ ᠵᠢᠮᠮᠢ ᠹᠯᠣᠶᠢᠳ ᠬᠠᠰᠰᠧᠯᠪᠣᠢ ᠶᠢᠨᠺ 129
10 ᠲᠷᠢᠬᠤᠳ ᠲᠤ ᠪᠠ ᠲᠣᠪᠠᠭᠣ ᠳᠤᠸᠠᠢ ᠳᠤ ᠢᠣᠷᠺ 123
ᠠᠶᠠᠷᠯᠠᠨᠲ ᠷᠣᠪᠪᠢ ᠺᠢᠨ 123
(ᠪᠢᠴᠢᠮᠡᠯ ᠢᠶᠡᠷ ᠢᠯᠭᠠᠭᠰᠠᠨ ᠨᠢ ᠣᠳᠣ ᠲᠣᠭᠯᠠᠵᠤ ᠪᠠᠶᠢᠭ᠎ᠠ ᠭᠡᠰᠡᠨ ᠤᠳᠬ᠎ᠠ ᠶᠢ ᠢᠯᠡᠷᠬᠡᠶᠢᠯᠡᠵᠦ ᠪᠤᠢ),
ᠲᠣᠳᠣᠷᠠᠭᠤᠯᠤᠭᠰᠠᠨ ᠨᠢ ᠫᠷᠧᠮᠢᠶᠧᠷ ᠯᠢᠭ ᠲᠦ ᠲᠣᠭᠯᠠᠵᠤ ᠪᠤᠢ).[8]

ᠫᠷᠧᠮᠢᠶᠧᠷ ᠯᠢᠭ ᠲᠦ ᠲᠤᠬᠠᠢ ᠶᠢᠨ ᠵᠢᠯ ᠣᠯᠠᠨ ᠭᠣᠣᠯ ᠣᠷᠣᠭᠤᠯᠤᠭᠰᠠᠨ ᠨᠢᠭᠡ ᠲᠣᠭᠯᠠᠭᠴᠢᠳ ᠫᠷᠧᠮᠢᠶᠧᠷ ᠯᠢᠭ ᠦᠨ ᠠᠯᠲᠠᠨ ᠱᠠᠬᠠᠢ ᠱᠠᠩᠨᠠᠯ ᠢ ᠣᠯᠭᠤᠳᠠᠭ᠃ ᠣᠯᠠᠨ ᠭᠣᠣᠯ ᠣᠷᠣᠭᠤᠯᠤᠭᠰᠠᠨ ᠲᠣᠭᠯᠠᠭᠴᠢᠳ ᠤᠨ ᠵᠢᠭ᠌ᠰᠠᠭᠠᠯᠳᠠ ᠶᠢ ᠪᠯᠺᠪᠧᠷᠨ ᠷᠣᠤᠧᠷᠰ ᠪᠣᠯᠤᠨ ᠨᠦᠶᠢᠺᠠᠰᠯ ᠶᠤᠨ ᠠᠲ᠋ᠧᠳ ᠺᠯᠥ᠋ᠪ ᠦᠳ ᠲᠦ ᠲᠣᠭᠯᠠᠵᠤ ᠪᠠᠶᠢᠭᠰᠠᠨ ᠳᠣᠪᠲᠣᠯᠤᠭᠴᠢ ᠠᠯᠠᠨ ᠰᠢᠷᠧᠷ 260 ᠭᠣᠣᠯ ᠢᠶᠠᠷ ᠢᠶᠠᠨ ᠲᠡᠷᠢᠭᠦᠯᠡᠳᠡᠭ᠃ ᠰᠢᠷᠧᠷ ᠫᠷᠧᠮᠢᠶᠧᠷ ᠯᠢᠭ ᠦᠨ 14 ᠤᠯᠠᠷᠢᠯ ᠤᠨ ᠲᠣᠭᠯᠠᠯᠲᠠᠳ ᠲᠣᠭᠯᠠᠬᠤ ᠳᠤ ᠪᠠᠨ 10 ᠤᠯᠠᠷᠢᠯ ᠳᠤ ᠳᠠᠷᠠᠭᠠᠯᠠᠨ ᠠᠷᠪᠠ ᠠᠴᠠ ᠳᠡᠭᠡᠭᠰᠢ ᠭᠣᠣᠯ ᠣᠷᠣᠭᠤᠯᠵᠤ ᠪᠠᠶᠢᠭᠰᠠᠨ ᠪᠠ ᠭᠤᠷᠪᠠᠨ ᠤᠳᠠᠭ᠎ᠠ ᠠᠯᠲᠠᠨ ᠱᠠᠬᠠᠢ ᠶᠢᠨ ᠱᠠᠩᠨᠠᠯ ᠢ ᠬᠦᠷᠲᠡᠭᠰᠡᠨ ᠲᠡᠳᠦᠢ ᠦᠭᠡᠢ 1995-96 ᠣᠨ ᠤ ᠤᠯᠠᠷᠢᠯ ᠳᠤ ᠰᠢᠷᠧᠷ ᠫᠷᠧᠮᠢᠶᠧᠷ ᠯᠢᠭ ᠲᠦ 100 ᠳᠠᠬᠢ ᠭᠣᠣᠯᠠᠭ᠎ᠠ ᠣᠷᠣᠭᠤᠯᠤᠭᠰᠠᠨ ᠠᠩᠬᠠᠨ ᠤ ᠲᠣᠭᠯᠠᠭᠴᠢ ᠪᠣᠯᠵᠤ ᠪᠠᠶᠢᠭᠰᠠᠨ ᠲᠡᠦᠬᠡ ᠲᠡᠢ᠃ ᠲᠡᠭᠦᠨ ᠡᠴᠡ ᠬᠣᠶᠢᠰᠢ 17 ᠲᠣᠭᠯᠠᠭᠴᠢ 100 ᠳᠠᠬᠢ ᠭᠣᠣᠯᠠᠭ᠎ᠠ ᠣᠷᠣᠭᠤᠯᠤᠭᠰᠠᠨ ᠪᠢᠯᠡ᠃[21]

1992-93 ᠣᠨ ᠤ ᠫᠷᠧᠮᠢᠶᠧᠷ ᠯᠢᠭ ᠦᠨ ᠲᠣᠭᠯᠠᠯᠲᠠ ᠠᠴᠠ ᠬᠣᠶᠢᠰᠢᠬᠢ ᠠᠯᠲᠠᠨ ᠱᠠᠬᠠᠢ ᠶᠢ ᠬᠦᠷᠲᠡᠭᠰᠡᠨ 13 ᠲᠣᠭᠯᠠᠭᠴᠢ ᠪᠠᠶᠢᠳᠠᠭ ᠪᠠ ᠲᠧᠷᠷᠢ ᠠᠨᠠᠷᠢ ᠳᠥᠷᠪᠡᠨ ᠤᠳᠠᠭ᠎ᠠ ᠠᠪᠬᠤ ᠳᠤ ᠪᠠᠨ ᠭᠤᠷᠪᠠ ᠳᠠᠷᠠᠭᠠᠯᠠᠨ ᠠᠪᠴᠤ ᠠᠪᠴᠤ ᠪᠠᠶᠢᠭᠰᠠᠨ ᠲᠡᠦᠬᠡ ᠪᠤᠢ᠃ ᠠᠯᠠᠨ ᠰᠢᠷᠧᠷ ᠭᠤᠷᠪᠠᠨ ᠤᠳᠠᠭ᠎ᠠ᠂ ᠮᠠᠶᠢᠺᠯ ᠣᠦ᠋ᠡᠨ᠂ ᠵᠢᠮᠮᠢ ᠹᠯᠣᠶᠢᠳ ᠬᠠᠰᠰᠧᠯᠪᠣᠢ ᠶᠢᠨᠺ᠂ ᠳ᠋ᠢᠳᠦᠶ ᠡᠷ ᠳᠠᠷᠤᠭᠪᠠ ᠨᠠᠷ ᠲᠤᠰ ᠪᠦᠷᠢ ᠬᠣᠶᠠᠷ ᠤᠳᠠᠭ᠎ᠠ ᠱᠠᠩᠨᠠᠭᠳᠠᠭᠰᠠᠨ ᠪᠠᠶᠢᠳᠠᠭ ᠪᠠ ᠡᠨᠳᠡᠷᠡᠶᠤ ᠺᠣᠤᠯ (ᠨᠦᠶᠢᠺᠠᠰᠯ ᠶᠤᠨ ᠠᠲ᠋ᠧᠳ᠂ 1993-94) ᠪᠣᠯᠤᠨ ᠠᠯᠠᠨ ᠰᠢᠷᠧᠷ (ᠪᠯᠺᠪᠧᠷᠨ ᠷᠣᠤᠧᠷᠰ᠂ 1996-97) ᠨᠠᠷ ᠬᠠᠮᠤᠭ ᠤᠨ ᠣᠯᠠᠨ ᠭᠣᠣᠯ ᠣᠷᠣᠭᠤᠯᠵᠤ (34) ᠱᠠᠩᠨᠠᠯ ᠤᠨ ᠡᠵᠡᠳ ᠪᠣᠯᠴᠣᠭᠤᠵᠤ ᠪᠠᠶᠢᠪᠠ᠃ ᠬᠠᠭᠠᠰ ᠬᠠᠮᠠᠭᠠᠯᠠᠭᠴᠢ ᠶᠢᠨ ᠪᠠᠶᠢᠷᠢᠯᠠᠯ ᠳᠤ ᠲᠣᠭᠯᠠᠳᠠᠭ ᠲᠣᠭᠯᠠᠭᠴᠢᠳ ᠤᠨ ᠬᠤᠪᠢ ᠳᠤ ᠺᠷᠢᠰᠲ᠋ᠢ ᠪᠠᠨᠨᠣ ᠷᠤᠨᠠᠯᠢᠳᠠ 2007-08 ᠣᠨ ᠤ ᠤᠯᠠᠷᠢᠯ ᠳᠤ 31 ᠭᠣᠣᠯ ᠣᠷᠣᠭᠤᠯᠵᠤ ᠱᠠᠩᠨᠠᠯ ᠤᠨ ᠡᠵᠡᠨ ᠪᠣᠯᠵᠤ᠂ ᠳᠡᠭᠡᠳᠦ ᠠᠮᠵᠢᠯᠲᠠ ᠶᠢ ᠲᠣᠭᠲᠠᠭᠠᠵᠤ ᠪᠠᠶᠢᠪᠠ᠃ ᠴᠧᠯᠰᠢᠭ ᠤᠨ ᠹᠷᠦᠨᠺ ᠯᠠᠮᠫᠠᠷ ᠲᠤ ᠫᠷᠧᠮᠢᠶᠧᠷ ᠯᠢᠭ ᠲᠦ ᠨᠡᠶᠢᠲᠡ 129 ᠭᠣᠣᠯ ᠣᠷᠣᠭᠤᠯᠤᠭᠰᠠᠨ ᠪᠠᠶᠢᠭ᠎ᠠ ᠨᠢ ᠬᠠᠭᠠᠰ ᠬᠠᠮᠠᠭᠠᠯᠠᠭᠴᠢᠳ ᠤᠨ ᠢᠶᠠᠨ ᠳᠡᠭᠡᠳᠦ ᠠᠮᠵᠢᠯᠲᠠ ᠨᠢ ᠶᠤᠮ᠃

ᠫᠷᠧᠮᠢᠶᠧᠷ ᠯᠢᠭ ᠦᠨ ᠨᠢᠭᠡ ᠲᠣᠭᠯᠠᠯᠲᠠᠨ ᠳᠤ ᠬᠠᠮᠤᠭ ᠤᠨ ᠶᠡᠬᠡ ᠭᠣᠣᠯ ᠣᠷᠣᠭᠰᠠᠨ ᠲᠣᠭᠯᠠᠯᠲᠠ ᠪᠠᠷ ᠫᠣᠷᠲ᠋ᠰᠮᠤᠲᠤ ᠪᠣᠯᠤᠨ ᠷᠧᠳᠢᠨ ᠢ ᠺᠯᠥ᠋ᠪ ᠦᠳ ᠦᠨ ᠲᠣᠭᠯᠠᠯᠲᠠ ᠪᠦᠷᠢᠳᠬᠡᠭᠳᠡᠳᠡᠭ᠃ 2007 ᠣᠨ ᠤ ᠶᠢᠰᠦᠳᠦᠭᠡᠷ ᠰᠠᠷ᠎ᠠ ᠶᠢᠨ 29 ᠍ ᠳᠦ ᠪᠣᠯᠤᠭᠰᠠᠨ ᠤᠭ ᠲᠣᠭᠯᠠᠯᠲᠠ 7-4 ᠬᠠᠷᠢᠴᠠᠭ᠎ᠠ ᠪᠠᠷ ᠫᠣᠷᠲ᠋ᠰᠮᠤᠲᠤ ᠶᠢᠨ ᠢᠯᠠᠯᠲᠠ ᠪᠠᠷ ᠥᠨᠳᠥᠷᠯᠡᠵᠡᠢ᠃ ᠲᠠᠪᠤ᠂ ᠨᠢᠭᠡ ᠲᠣᠭᠯᠠᠯᠲᠠᠨ ᠳᠤ ᠨᠢᠭᠡ ᠲᠣᠭᠯᠠᠭᠴᠢ ᠶᠢᠨ ᠣᠷᠣᠭᠤᠯᠤᠭᠰᠠᠨ ᠭᠣᠣᠯ ᠤᠨ ᠳᠡᠭᠡᠳᠦ ᠲᠣᠭ᠎ᠠ᠃ ᠡᠨᠳᠢ ᠺᠣᠤᠯ᠂ ᠠᠯᠠᠨ ᠰᠢᠷᠧᠷ ᠪᠣᠯᠤᠨ ᠵᠧᠷᠮᠧᠢ ᠶᠢᠨ ᠳᠧᠹᠣ[22] ᠨᠠᠷᠠ ᠲᠠᠪᠤᠨ ᠭᠣᠣᠯ ᠢ ᠨᠢᠭᠡ ᠲᠣᠭᠯᠠᠯᠲᠠᠨ ᠳᠤ ᠣᠷᠣᠭᠤᠯᠵᠤ ᠪᠠᠶᠢᠪᠠ᠃ ᠮᠠᠴᠧᠰᠲ᠋ᠧᠷ ᠶᠤᠨ ᠠᠲ᠋ᠧᠳᠢ ᠶᠢᠨ ᠷᠠᠶᠤᠨ ᠭᠢ ᠦᠭᠵᠠ ᠫᠷᠧᠮᠢᠶᠧᠷ ᠯᠢᠭ ᠦᠨ ᠪᠦᠬᠦᠢ ᠯᠠ ᠤᠯᠠᠷᠢᠯ ᠤᠨ ᠲᠣᠭᠯᠠᠯᠲᠠ ᠪᠤᠶᠤ 18 ᠤᠯᠠᠷᠢᠯ ᠪᠦᠷᠢ ᠳᠦ ᠭᠣᠣᠯ ᠣᠷᠣᠭᠤᠯᠤᠭᠰᠠᠨ ᠴᠣᠷ ᠭᠠᠭᠴᠠ ᠲᠣᠭᠯᠠᠭᠴᠢ ᠶᠤᠮ᠃[23]

ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠮᠣ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠷᠧᠮᠢᠶᠧᠷ ᠯᠢᠭ ᠦᠨ 25 ᠺᠭ ᠦᠨ ᠵᠢᠩ ᠲᠡᠢ᠂ 76 ᠰᠠᠨᠲ᠋ᠢᠮᠧᠲ᠋ᠷ ᠶᠢᠨ ᠥᠨᠳᠥᠷ ᠲᠡᠢ᠂ 43 ᠰᠠᠨᠲ᠋ᠢᠮᠧᠲ᠋ᠷ ᠦᠨ ᠥᠷᠭᠡᠨ ᠲᠡᠢ᠂ 25 ᠰᠠᠨᠲ᠋ᠢᠮᠧᠲ᠋ᠷ ᠶᠢᠨ ᠬᠣᠩᠬᠣᠷ ᠴᠣᠮᠣ ᠶᠢ ᠲᠠᠩᠰᠤᠭ ᠦᠨᠡᠲᠦ ᠡᠳ᠋ᠯᠡᠯ ᠦᠨ Asprey ᠺᠣᠮᠫᠠᠨᠢ ᠤᠷᠠᠯᠠᠵᠠᠢ᠃ ᠴᠣᠮᠣ ᠶᠢᠨ ᠶᠡᠬᠡ ᠪᠡᠶ᠎ᠡ ᠶᠢ ᠴᠠᠭᠠᠨ ᠮᠥᠩᠭᠥ ᠪᠣᠯᠤᠨ ᠠᠯᠲᠠᠨ ᠤ ᠲᠦᠷᠬᠢᠴᠡ ᠪᠡᠷ ᠪᠦᠷᠢᠵᠢ᠂ ᠫᠯᠶᠢᠨᠲ ᠬᠡᠯᠪᠡᠷᠢ ᠶᠢᠨ ᠣᠷᠣᠢ ᠶᠢᠨ ᠳᠣᠲᠣᠷ᠎ᠠ ᠬᠡᠰᠡᠭ ᠢ ᠮᠠᠷᠬᠢᠲ ᠢᠶᠠᠷ ᠪᠦᠷᠢᠵᠢ ᠭᠠᠳᠠᠨ᠎ᠠ ᠲᠠᠯ᠎ᠠ ᠶᠢ ᠬᠠᠭᠠᠰ ᠦᠨᠡᠲᠦ ᠴᠢᠯᠠᠭᠤᠨ ᠨᠤᠭᠤᠳ ᠢᠶᠠᠷ ᠰᠢᠭᠢᠳᠬᠡᠭᠰᠡᠨ ᠪᠠᠶᠢᠨ᠎ᠠ᠃ ᠫᠯᠢᠩᠲᠡᠨ ᠣᠷᠣᠢ ᠶᠢ ᠲᠣᠭᠣᠷᠢᠭᠤᠯᠤᠨ ᠮᠥᠩᠭᠥᠨ ᠪᠦᠰᠡᠯᠡᠭᠦᠷ ᠲᠠᠲᠠᠭᠰᠠᠨ ᠪᠠᠶᠢᠬᠤ ᠪᠠ ᠲᠦᠷᠦᠭᠦᠯᠡᠵᠦ ᠪᠠᠶᠢᠭᠰᠠᠨ ᠺᠯᠥ᠋ᠪ ᠦᠳ ᠦᠨ ᠨᠡᠷᠡᠰ ᠢ ᠪᠢᠴᠢᠳᠡᠭ ᠪᠠᠶᠢᠨ᠎ᠠ᠃ ᠨᠣᠭᠣᠭᠠᠨ ᠮᠠᠷᠬᠢᠲ ᠨᠢ ᠥᠷᠢᠰᠦᠯᠳᠦᠭᠡᠨ ᠦ ᠲᠠᠯᠠᠪᠠᠢ ᠶᠢ ᠢᠯᠡᠳᠬᠡᠳᠡᠭ᠃[24] ᠴᠣᠮᠣ ᠶᠢᠨ ᠶᠡᠷᠦᠩᠬᠡᠢ ᠬᠡᠯᠪᠡᠷᠢ ᠶᠢ ᠠᠩᠭᠯᠢ ᠶᠢᠨ ᠬᠥᠯᠪᠥᠮᠪᠥᠭᠡ ᠶᠢᠨ ᠪᠡᠯᠭᠡᠳᠡᠯ "ᠭᠤᠷᠪᠠᠨ ᠠᠷᠰᠯᠠᠨ" ᠍ ᠠᠴᠠ ᠰᠡᠳᠦᠪᠯᠡᠵᠡᠢ᠃ ᠬᠣᠶᠠᠷ ᠠᠷᠰᠯᠠᠨ ᠢ ᠴᠣᠮᠣ ᠶᠢᠨ ᠪᠠᠷᠢᠭᠤᠯᠤᠨ ᠬᠡᠰᠡᠭ ᠲᠦ ᠪᠡᠬᠢᠯᠡᠭᠰᠡᠨ ᠪᠠᠶᠢᠬᠤ ᠪᠠ ᠲᠡᠷᠢᠭᠦᠯᠡᠭᠰᠡᠨ ᠪᠠᠭ ᠤᠨ ᠠᠬᠠᠯᠠᠭᠴᠢ ᠠᠯᠲᠠᠨ ᠲᠢᠲᠢᠮ ᠢ ᠵᠡᠭᠦᠵᠦ ᠴᠣᠮᠣ ᠶᠢ ᠡᠷᠭᠦᠭᠰᠡᠨ ᠢᠶᠡᠷ ᠭᠤᠷᠪᠠ ᠳᠠᠬᠢ ᠠᠷᠰᠯᠠᠨ ᠲᠣᠳᠣᠷᠠᠳᠠᠭ ᠭᠡᠵᠦ ᠪᠡᠯᠭᠡᠳᠡᠳᠡᠭ᠃

ᠴᠣᠮᠣ ᠶᠢᠨ ᠲᠤᠰᠬᠠᠶᠢᠯᠠᠨ ᠬᠢᠭᠰᠡᠨ ᠠᠯᠲᠠᠨ ᠬᠤᠪᠢᠯᠪᠤᠷᠢ ᠶᠢ 2004 ᠣᠨ ᠳᠤ ᠨᠢᠭᠡ ᠴᠤ ᠢᠯᠠᠭᠳᠠᠯ ᠦᠭᠡᠢ ᠲᠡᠷᠢᠭᠦᠯᠡᠭᠰᠡᠨ ᠠᠷᠰᠧᠨᠠᠯ ᠳᠤ ᠥᠭᠴᠦ ᠪᠠᠶᠢᠴᠠᠢ᠃[25]

ᠰᠠᠷ᠎ᠠ ᠶᠢᠨ ᠪᠣᠯᠤᠨ ᠵᠢᠯ ᠦᠨ ᠱᠠᠩᠨᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠣᠮᠣ ᠶᠢᠨ ᠡᠵᠡᠳ ᠲᠦ ᠢᠯᠠᠭᠴᠢᠳ ᠤᠨ ᠮᠧᠳᠠᠯ ᠵᠡᠭᠦᠵᠦ ᠥᠭᠳᠡᠭ᠃ ᠲᠡᠭᠦᠨᠴᠢᠯᠡᠨ ᠫᠷᠧᠮᠢᠶᠧᠷ ᠯᠢᠭ ᠲᠦ ᠰᠠᠷ᠎ᠠ ᠪᠣᠯᠭᠠᠨ ᠣᠨᠴᠠᠯᠠᠬᠤ ᠳᠠᠰᠬᠠᠯᠵᠢᠭᠤᠯᠤᠭᠴᠢ, ᠣᠨᠴᠠᠯᠠᠬᠤ ᠲᠣᠭᠯᠠᠭᠴᠢ ᠶᠢ ᠰᠢᠯᠭᠠᠷᠠᠭᠤᠯᠤᠨ ᠱᠠᠩᠨᠠᠳᠠᠭ ᠪᠠ ᠵᠢᠯ ᠪᠣᠯᠭᠠᠨ ᠣᠨ ᠤ ᠣᠨᠴᠠᠯᠠᠬᠤ ᠳᠠᠰᠬᠠᠯᠵᠢᠭᠤᠯᠤᠭᠴᠢ, ᠠᠯᠲᠠᠨ ᠱᠠᠬᠠᠢ ᠪᠣᠯᠤᠨ ᠠᠯᠲᠠᠨ ᠪᠡᠭᠡᠯᠡᠢ ᠶᠢᠨ ᠱᠠᠩᠨᠠᠯ ᠢ ᠲᠤᠰ ᠲᠤᠰ ᠣᠯᠭᠤᠳᠠᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "1985: English teams banned after Heysel", BBC Archive, 31 May 1985. 8 August 2006 ᠍ ᠳᠦ ᠠᠪᠤᠭᠰᠠᠨ᠃ 
  2. The Taylor Report. Footballnetwork. 22 November 2007 ᠍ ᠳᠦ ᠬᠠᠨᠳᠤᠭᠰᠠᠨ᠃
  3. Barclays renews Premier sponsorship. Barclays (23 October 2009). 23 October 2009 ᠍ ᠳᠦ ᠬᠠᠨᠳᠤᠭᠰᠠᠨ᠃
  4. Football Club History Database
  5. The best of the rest. ESPNsoccernet (29 January 2007). 27 November 2007 ᠍ ᠳᠦ ᠬᠠᠨᠳᠤᠭᠰᠠᠨ᠃
  6. Hughes, Ian. "Arsenal the Invincibles", BBC Sport, 2004-05-15. 2008-08-11 ᠍ ᠳᠦ ᠠᠪᠤᠭᠰᠠᠨ᠃ 
  7. "Mourinho proud of battling finish", BBC, 2005-05-13. 2006-12-28 ᠍ ᠳᠦ ᠠᠪᠤᠭᠰᠠᠨ᠃  ᠵᠠᠭᠪᠤᠷ:Dead link
  8. 8.0 8.1 Barclays Premier League Statistics. Premier League. 30 May 2011 ᠍ ᠳᠦ ᠬᠠᠨᠳᠤᠭᠰᠠᠨ᠃
  9. Ron Atkinson. "England need to stem the foreign tide", London: The Guardian, 23 August 2002. 10 August 2006 ᠍ ᠳᠦ ᠠᠪᠤᠭᠰᠠᠨ᠃ 
  10. "Wenger backs non-English line-up", BBC, 14 February 2005. 10 August 2006 ᠍ ᠳᠦ ᠠᠪᠤᠭᠰᠠᠨ᠃ 
  11. "Forty factors fuelling football inflation", London: The Guardian, 31 July 2003. 8 August 2006 ᠍ ᠳᠦ ᠠᠪᠤᠭᠰᠠᠨ᠃ 
  12. "Wages fall, but Premier League still spend big", ESPN Soccernet, 1 June 2006. 8 August 2006 ᠍ ᠳᠦ ᠠᠪᠤᠭᠰᠠᠨ᠃ 
  13. O'Connor, Ashling. "The billion-pound revolution", London: The Times, 8 June 2005. 8 August 2006 ᠍ ᠳᠦ ᠠᠪᠤᠭᠰᠠᠨ᠃ 
  14. "From £250,000 to £29.1m", London: Observer, 5 March 2006. 2 December 2007 ᠍ ᠳᠦ ᠠᠪᠤᠭᠰᠠᠨ᠃ 
  15. "Veron and Other Top Transfers", 4thegame. 2 December 2007 ᠍ ᠳᠦ ᠠᠪᠤᠭᠰᠠᠨ᠃ 
  16. "Leeds sell Rio for £30 million", London: Daily Telegraph, 21 July 2002. 2 December 2007 ᠍ ᠳᠦ ᠠᠪᠤᠭᠰᠠᠨ᠃ 
  17. "Chelsea complete Shevchenko deal", BBC, 31 May 2006. 2 December 2007 ᠍ ᠳᠦ ᠠᠪᠤᠭᠰᠠᠨ᠃ 
  18. "Man City beat Chelsea to Robinho", BBC Sport, 1 September 2008. 2 September 2008 ᠍ ᠳᠦ ᠠᠪᠤᠭᠰᠠᠨ᠃ 
  19. "Man Utd accept £80m Ronaldo bid", BBC, 2009-06-12. 2009-06-12 ᠍ ᠳᠦ ᠠᠪᠤᠭᠰᠠᠨ᠃ 
  20. Fletcher, Paul. "Portsmouth 2-0 Man City", BBC Sport, 14 February 2009. 14 February 2009 ᠍ ᠳᠦ ᠠᠪᠤᠭᠰᠠᠨ᠃ 
  21. Becky Gamester. Super Shearer. BBC. 10 December 2007 ᠍ ᠳᠦ ᠬᠠᠨᠳᠤᠭᠰᠠᠨ᠃
  22. "Tottenham 9 - 1 Wigan", BBC, 2009-11-22. 2009-11-23 ᠍ ᠳᠦ ᠠᠪᠤᠭᠰᠠᠨ᠃ Archived from the original on 2009-11-23. 
  23. Ryan Giggs goal makes him only person to score in all PL seasons trivia. sportsbusiness.com. 21 November 2009 ᠍ ᠳᠦ ᠬᠠᠨᠳᠤᠭᠰᠠᠨ᠃
  24. "Barclays Premier League Trophy in city", Express India, 26 February 2008. 21 May 2008 ᠍ ᠳᠦ ᠠᠪᠤᠭᠰᠠᠨ᠃ 
  25. http://www.gettyimages.com/detail/51204716/Getty-Images-Sport

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ