ᠠᠩᠭᠯᠢ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠠᠩᠭᠯᠢ ᠪᠠᠷ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠠᠩᠭᠯᠢ ᠬᠡᠯᠡ
ᠥᠪᠡᠷ ᠦᠨ ᠨᠡᠷ᠎ᠡ English language; English
ᠲᠠᠷᠬᠠᠯᠲᠠ ᠶᠡᠬᠡ ᠪᠷᠢᠲ᠋ᠠᠨ(ᠠᠩᠭᠯᠢ)ᠠᠮᠧᠷᠢᠺᠠ ᠶᠢᠨ ᠨᠢᠭᠡᠳᠦᠭᠰᠡᠨ ᠤᠯᠤᠰᠡᠨᠡᠳᠬᠡᠭᠠᠦᠢᠰᠲ᠋ᠷᠯᠢᠶ᠎ᠠ
ᠺᠠᠨᠠᠳᠠᠠᠶᠠᠷᠯᠠᠨᠲᠰᠢᠨ᠎ ᠡ ᠽᠸᠨᠯᠠᠨᠲᠤ᠋ᠹᠢᠯᠢᠫᠫᠢᠨ ᠭᠡᠬᠦ ᠮᠡᠲᠦ ᠳᠡᠯᠡᠬᠡᠢ ᠳᠠᠶᠠᠭᠠᠷ
ᠲᠥᠷᠥᠯᠬᠢ ᠬᠡᠯᠡᠲᠡᠨ ᠦ ᠲᠣᠭ᠎ᠠ ᠲᠥᠷᠥᠯᠬᠢ: 380 ᠰᠠᠶ᠋ᠢ (2001)[1],
ᠬᠣᠶᠠᠳᠠᠭᠴᠢ: 250 ᠰᠠᠶ᠎ᠠ[1]-1.8 ᠲᠡᠷᠪᠤᠮ (2004)[2]
ᠬᠡᠯᠡᠨ ᠦ ᠠᠩᠬᠢᠯᠠᠯ
ᠡᠨᠡᠳᠬᠡᠭ-ᠧᠦ᠋ᠷᠣᠫᠠ
  • ᠭᠧᠷᠮᠠᠨ
    • ᠪᠠᠷᠠᠭᠤᠨ ᠭᠧᠷᠮᠠᠨ
      • ᠠᠩᠭᠯᠢ-ᠹᠷᠢᠽ
        • ᠠᠩᠭᠯᠢ
          • ᠠᠩᠭᠯᠢ ᠬᠡᠯᠡ
ᠪᠢᠴᠢᠭ ᠦᠰᠦᠭ ᠯᠠᠲ᠋ᠢᠨ ᠦᠰᠦᠭ (ᠠᠩᠭᠯᠢ ᠬᠤᠪᠢᠯᠪᠤᠷᠢ)
ᠠᠯᠪᠠᠨ ᠶᠣᠰᠣᠨ ᠤ ᠬᠡᠷᠡᠭᠯᠡᠭᠡ
ᠤᠯᠤᠰ Flag of the United Kingdom.svg ᠶᠡᠬᠡ ᠪᠷᠢᠲ᠋ᠠᠨ(ᠠᠩᠭᠯᠢ), Flag of the United States.svg ᠠᠮᠧᠷᠢᠺᠠ ᠶᠢᠨ ᠨᠢᠭᠡᠳᠦᠭᠰᠡᠨ ᠤᠯᠤᠰ,
Flag of Australia.svg ᠠᠦᠢᠰᠲ᠋ᠷᠯᠢᠶ᠎ᠠ ᠭᠡᠬᠦ ᠮᠡᠲᠦ ᠪᠡᠷ 54 ᠤᠯᠤᠰ
ᠣᠯᠠᠨ ᠤᠯᠤᠰ ᠤᠨ ᠪᠠᠶᠢᠭᠤᠯᠤᠯᠭ᠎ᠠ:
Flag of the United Nations.svg ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ
ᠧᠦ᠋ᠷᠣᠫᠠ ᠶᠢᠨ ᠬᠣᠯᠪᠣᠭ᠎ᠠ
ᠪᠷᠢᠲ᠋ᠠᠨ(ᠠᠩᠭᠯᠢ) ᠤᠨ ᠨᠥᠬᠥᠷᠯᠡᠯ
ᠣᠷᠣᠨ ᠨᠤᠲᠤᠭ Flag of Hong Kong.svg ᠰᠢᠶᠠᠩᠭᠠᠩ (ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ)
ᠲᠣᠮᠢᠶᠠᠯᠠᠪᠤᠷᠢ
ISO 639-1 en
ISO 639-2 eng
ISO 639-3 eng
Anglospeak.svg
ᠠᠩᠭᠯᠢ ᠬᠡᠯᠡ ᠲᠠᠷᠬᠠᠯᠲᠠ ᠶᠢᠨ ᠪᠦᠳᠦᠭᠦᠪᠴᠢ ᠵᠢᠷᠤᠭ:

██ ᠠᠯᠪᠠᠨ ᠶᠣᠰᠣᠨ ᠤ᠂ ᠦᠨᠳᠦᠰᠦᠨ ᠦ᠂ ᠬᠦᠮᠦᠨ ᠠᠮᠠ ᠶᠢᠨ ᠲᠥᠷᠥᠯᠬᠢ ᠬᠡᠯᠡ ᠪᠣᠯᠳᠠᠭ ᠤᠯᠤᠰ

██ ᠭᠣᠣᠯ ᠪᠢᠰᠢ ᠪᠣᠯᠪᠠᠴᠤ ᠠᠯᠪᠠᠨ ᠶᠣᠰᠣᠨ ᠤ ᠬᠡᠯᠡ ᠨᠢ ᠪᠣᠯᠳᠠᠭ ᠤᠯᠤᠰ

ᠠᠩᠭᠯᠢ ᠬᠡᠯᠡ (English ᠡᠰᠡᠪᠡᠯ the English language) ᠨᠢ ᠠᠩᠭᠯᠢ ᠳᠤ ᠡᠭᠦᠰᠦᠭᠰᠡᠨ ᠪᠠᠷᠠᠭᠤᠨ ᠭᠧᠷᠮᠠᠨ ᠤ ᠬᠡᠯᠡ ᠶᠤᠮ᠃ ᠡᠨᠡ ᠨᠢ ᠳᠡᠯᠡᠬᠡᠢ ᠶᠢᠨ ᠬᠠᠮᠤᠭ ᠤᠨ ᠲᠦᠭᠡᠮᠡᠯ ᠬᠡᠯᠡ ᠨᠦᠭᠦᠳ ᠦᠨ ᠨᠢᠭᠡ ᠪᠥᠭᠡᠳ ᠨᠢᠭᠡᠳᠦᠭᠰᠡᠨ ᠸᠠᠩᠲᠤ ᠤᠯᠤᠰᠠᠮᠧᠷᠢᠺᠠ ᠶᠢᠨ ᠨᠢᠭᠡᠳᠦᠭᠰᠡᠨ ᠤᠯᠤᠰᠺᠠᠨᠠᠳᠠᠠᠦᠢᠰᠲ᠋ᠷᠯᠢᠶ᠎ᠠᠰᠢᠨ᠎ ᠡ ᠽᠸᠨᠯᠠᠨᠲᠤ᠋ᠠᠶᠠᠷᠯᠠᠨᠲᠺᠠᠷᠢᠪ ᠍ ᠤᠨ ᠣᠷᠣᠨ ᠨᠤᠭᠤᠳ ᠲᠤ ᠠᠯᠪᠠᠨ ᠶᠣᠰᠣᠨ ᠤ ᠬᠡᠯᠡ ᠪᠣᠯᠳᠠᠭ᠃ ᠡᠨᠡ ᠬᠡᠯᠡ ᠪᠡᠷ ᠳᠡᠯᠡᠬᠡᠢ ᠳᠡᠭᠡᠷ᠎ᠡ 310 ᠰᠠᠶ᠎ᠠ ᠬᠦᠮᠦᠨ ᠲᠥᠷᠥᠯᠬᠢ ᠬᠡᠯᠡᠨ ᠦ ᠬᠤᠪᠢᠶᠠᠷᠢ᠂ ᠮєᠨ ᠲᠣᠭᠠᠨ ᠤ ᠬᠦᠮᠦᠨ ᠬᠣᠶᠠᠳᠠᠭᠴᠢ ᠬᠡᠯᠡᠨ ᠦ ᠬᠤᠪᠢᠶᠠᠷᠢ ᠶᠠᠷᠢᠵᠤ ᠪᠠᠶᠢᠨ᠎ᠠ᠃ ᠣᠷᠴᠢᠨ ᠴᠠᠭ ᠤᠨ ᠠᠩᠭᠯᠢ ᠬᠡᠯᠡ ᠨᠢ ᠡᠷᠲᠡᠨ ᠦ ᠠᠩᠭᠯᠢ ᠪᠤᠶᠤ ᠠᠩᠭᠯᠠ ᠰᠠᠺᠰᠣᠨ ᠬᠡᠯᠡᠨ ᠦ ᠨᠢᠭᠡᠨ ᠠᠶᠠᠯᠭ᠎ᠠ ᠪᠠᠶᠢᠳᠠᠯ ᠢᠶᠠᠷ ᠡᠭᠦᠰᠴᠢ᠂ 5 ᠳ᠋ᠤᠭᠠᠷ ᠵᠠᠭᠤᠨ ᠤ ᠦᠶ᠎ᠡ ᠳᠦ ᠪᠷᠢᠲ᠋ᠠᠨ(ᠠᠩᠭᠯᠢ) ᠳᠤ ᠨᠡᠪᠲᠡᠷᠡᠭᠰᠡᠨ ᠪᠠᠷᠠᠭᠤᠨ ᠭᠧᠷᠮᠠᠨ ᠠᠶᠠᠯᠭ᠎ᠠ ᠪᠠᠷ ᠪᠠᠶᠠᠵᠢᠭ᠌ᠰᠠᠨ ᠬᠡᠯᠡ ᠠᠵᠢ᠃ ᠲᠡᠭᠦᠨᠴᠢᠯᠡᠨ ᠲᠡᠦᠬᠡᠨ ᠬᠥᠭᠵᠢᠯ ᠦᠨ ᠶᠠᠪᠤᠴᠠ ᠳᠤ ᠯᠠᠲ᠋ᠢᠨ ᠪᠣᠯᠤᠨ ᠹᠷᠠᠨᠼᠢ ᠬᠡᠯᠡᠨᠢᠭᠢ ᠨᠣᠷᠮᠠᠨ ᠳᠤ ᠠᠶᠠᠯᠭ᠎ᠠ ᠪᠠᠷ ᠪᠠᠶᠠᠵᠢᠵᠤ ᠢᠷᠡᠭᠰᠡᠨ ᠪᠠᠶᠢᠨ᠎ᠠ᠃ 1362 ᠣᠨ ᠳᠤ ᠹᠷᠠᠨᠼᠢ ᠬᠡᠯᠡ ᠶᠢ ᠬᠠᠯᠠᠵᠤ᠂ ᠠᠩᠭᠯᠢ ᠬᠡᠯᠡ ᠶᠢ ᠠᠩᠭᠯᠢ ᠶᠢᠨ ᠬᠠᠤᠯᠢ ᠶᠣᠰᠣᠨ ᠤ ᠬᠡᠯᠡ ᠪᠣᠯᠭᠠᠭᠰᠠᠨ ᠢᠶᠠᠷ ᠠᠩᠭᠯᠢ ᠬᠡᠯᠡᠨ ᠦ ᠵᠢᠩᠬᠢᠨᠢ ᠰᠡᠷᠭᠦᠯᠲᠡ ᠡᠬᠢᠯᠡᠵᠦ᠂ 14 ᠍ ᠳᠦᠭᠡᠷ ᠵᠠᠭᠤᠨ ᠤ ᠠᠩᠭᠯᠢ ᠶᠢᠨ ᠤᠳᠬ᠎ᠠ ᠵᠣᠬᠢᠶᠠᠯ ᠤᠨ ᠡᠭᠦᠰᠦᠯ᠂ 15 ᠍ ᠳᠦᠭᠡᠷ ᠵᠠᠭᠤᠨ ᠤ ᠬᠡᠪᠯᠡᠯ ᠦᠨ ᠡᠭᠦᠰᠦᠯ᠂ 16-17 ᠵᠠᠭᠤᠨ ᠤ ᠸᠸᠯᠢᠶᠠᠮ ᠱᠧᠺᠰᠫᠢᠷᠡᠳ᠋ᠮᠤᠨ ᠳᠤ ᠰᠫᠡᠩᠰᠡᠷᠺᠷᠢᠰᠲ᠋ᠣᠹᠧᠷ ᠮᠠᠷᠯᠸᠦ᠋ᠢ ᠨᠠᠷ ᠤᠨ ᠠᠩᠭᠯᠢ ᠤᠳᠬ᠎ᠠ ᠵᠣᠬᠢᠶᠠᠯ ᠍ ᠤᠨ ᠰᠤᠤᠲᠤ ᠲᠥᠯᠥᠭᠡᠯᠡᠭᠴᠢᠳ ᠦᠨ ᠡᠷᠢᠨ ᠢ ᠳᠠᠮᠵᠢᠨ᠂ ᠬᠡᠯᠡ ᠵᠦᠢᠴᠢ ᠰᠠᠮᠤᠡᠯ ᠵᠣᠩᠰᠣᠨ (1709-1784) ᠍ ᠦᠨ ᠵᠣᠬᠢᠶᠠᠭᠰᠠᠨ ᠠᠩᠭᠯᠢ ᠬᠡᠯᠡᠨ ᠦ ᠰᠲ᠋ᠠᠨᠳᠠᠷᠲᠴᠢᠯᠠᠭᠰᠠᠨ ᠳᠦᠷᠢᠮ ᠭᠠᠷᠤᠭᠰᠠᠨ ᠢᠶᠠᠷ ᠣᠷᠴᠢᠨ ᠴᠠᠭ ᠤᠨ ᠲᠡᠭᠦᠰ ᠬᠡᠯᠡ ᠪᠣᠯᠵᠤ ᠪᠦᠷᠢᠯᠳᠦᠭᠰᠡᠨ ᠭᠡᠵᠦ ᠦᠵᠡᠳᠡᠭ ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 The Triumph of English, The Economist, 20 Dec. 2001
  2. Lecture 7: World-Wide English. EHistLing. 26 March 2007 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ