ᠠᠩᠭᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠩᠭᠯᠢ ᠣᠷᠣᠨ
England
ᠬᠠᠷᠢᠶ᠎ᠠ ᠣᠷᠣᠨ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠹᠷ᠃ "Dieu et mon droit"
«ᠪᠤᠷᠬᠠᠨ ᠪᠠ ᠮᠢᠨᠦ ᠡᠷᠬᠡ ᠰᠦᠷ»
ᠲᠥᠷᠥ ᠶᠢᠨ ᠳᠠᠭᠤᠯᠠᠯ ᠤᠨ ᠨᠡᠷ᠎ᠡ:
[ᠬᠠᠤᠯᠢ ᠶᠣᠰᠣᠭᠠᠷ] ᠪᠠᠶᠢᠬᠤ ᠦᠭᠡᠢ᠂ ᠭᠡᠬᠦ ᠳᠦ ᠪᠡᠨ
[ᠪᠣᠳᠠᠲᠤ ᠪᠠᠶᠢᠳᠠᠯ ᠳᠤ] ᠠᠩᠭᠯ᠃ "God Save the King/Queen"
«ᠸᠠᠩᠲᠠᠨ ᠢ/ᠬᠠᠲᠤᠨ ᠸᠠᠩ ᠢ ᠪᠤᠷᠬᠠᠨ ᠢᠪᠡᠭᠡᠬᠦ ᠪᠣᠯᠤᠨ᠎ᠠ!»
ᠠᠩᠭᠯᠢ ᠣᠷᠣᠨ ᠤ ᠪᠠᠶᠢᠷᠢᠰᠢᠯ᠃ ᠡᠭᠦᠨ ᠳᠦ ᠤᠯᠠᠭᠠᠨ ᠨᠢ ᠠᠩᠭᠯᠢ᠂ ᠤᠯᠠᠪᠢᠷ ᠰᠢᠷ᠎ᠠ ᠨᠢᠶᠡᠬᠡ ᠪᠷᠢᠲ᠋ᠠᠨ(ᠠᠩᠭᠯᠢ) ᠤᠨ ᠪᠤᠰᠤᠳ ᠣᠷᠣᠨ ᠨᠤᠲᠤᠭ
ᠠᠩᠭᠯᠢ ᠣᠷᠣᠨ ᠤ ᠪᠠᠶᠢᠷᠢᠰᠢᠯ᠃ ᠡᠭᠦᠨ ᠳᠦ ᠤᠯᠠᠭᠠᠨ ᠨᠢ ᠠᠩᠭᠯᠢ᠂ ᠤᠯᠠᠪᠢᠷ ᠰᠢᠷ᠎ᠠ ᠨᠢ
ᠶᠡᠬᠡ ᠪᠷᠢᠲ᠋ᠠᠨ(ᠠᠩᠭᠯᠢ) ᠤᠨ ᠪᠤᠰᠤᠳ ᠣᠷᠣᠨ ᠨᠤᠲᠤᠭ
ᠨᠡᠶᠢᠰᠯᠡᠯᠯᠣᠨᠳᠣᠨ
ᠲᠣᠮᠣ ᠬᠣᠲᠠ ᠪᠸᠷᠮᠢᠩᠬᠠᠮᠯᠢᠳᠡᠰ
ᠠᠯᠪᠠᠨ ᠬᠡᠯᠡ ᠠᠩᠭᠯᠢ ᠬᠡᠯᠡ
ᠲᠥᠷᠥ ᠵᠠᠰᠠᠭ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ ᠲᠤ ᠨᠢᠭᠡᠳᠦᠮᠡᠯ ᠤᠯᠤᠰ ᠢ ᠪᠦᠷᠢᠳᠦᠭᠦᠯᠦᠭᠴᠢ ᠣᠷᠣᠨ
 -  ᠬᠠᠲᠤᠨ ᠸᠠᠩ II ᠢᠯᠢᠽᠡᠪᠡᠢᠰ
 -  ᠶᠡᠷᠦᠩᠬᠡᠢ ᠰᠠᠶᠢᠳ ᠳᠡᠪ ᠲᠦ ᠺᠠᠮᠧᠷᠣᠨ
ᠲᠡᠦᠬᠡ
 -  927 ᠣᠨ ᠸᠠᠩᠲᠤ ᠤᠯᠤᠰ ᠡᠭᠦᠰᠦᠭᠰᠡᠨ 
 -  1707 ᠣᠨ ᠱᠣᠲᠯᠠᠨ᠋ᠳ᠋ ᠍ ᠲᠠᠢ ᠨᠢᠭᠡᠳᠦᠭᠰᠡᠨ 
ᠨᠤᠲᠤᠭ ᠳᠡᠪᠢᠰᠬᠡᠷ
 -  ᠪᠦᠬᠦ ᠲᠠᠯᠠᠪᠠᠢ 130,395 km2 
ᠬᠦᠮᠦᠨ ᠠᠮᠠ
 -  ᠲᠣᠭᠠᠴᠠᠭ᠎ᠠ (2011) 53,013,000[1] 
 -  ᠨᠢᠭᠲᠠᠴᠠ ᠰᠡᠶᠢᠷᠡᠭ 407 ᠬᠦᠮᠦᠨ/km2 
ᠮᠥᠩᠭᠥᠨ ᠦ ᠨᠢᠭᠡᠴᠡ ᠹᠦᠨᠲ ᠰᠲ᠋ᠧᠷᠯᠢᠨ ᠢ (GBP)
ᠴᠠᠭ ᠤᠨ ᠪᠥᠰᠡ ᠭᠣᠣᠯᠳᠠᠴᠢ ᠶᠢᠨ ᠴᠠᠭ (GMT+0)
 -  ᠵᠤᠨ ᠤ ᠴᠠᠭ  (GMT+1)
ᠤᠲᠠᠰᠤ᠂ ᠳᠣᠮᠡᠢ ᠶᠢᠨ +44 / .uk

ᠶᠡᠬᠡ ᠪᠷᠢᠲ᠋ᠠᠨ(ᠠᠩᠭᠯᠢ) ᠤᠮᠠᠷᠠᠳᠤ ᠢᠷᠯᠠᠨᠳ᠋ ᠍ ᠤᠨ ᠨᠢᠭᠡᠳᠦᠭᠰᠡᠨ ᠸᠠᠩᠲᠤ ᠤᠯᠤᠰ ᠍ ᠢ ᠪᠦᠷᠢᠳᠦᠭᠦᠯᠦᠭᠴᠢ ᠦᠨᠳᠦᠰᠦᠨ ᠳᠥᠷᠪᠡᠨ ᠣᠷᠣᠨ ᠤ ᠨᠢᠭᠡ ᠨᠢ ᠠᠩᠭᠯᠢ (ᠠᠩᠭᠯᠢ ᠪᠠᠷ England) ᠶᠤᠮ᠃ ᠠᠩᠭᠯᠢ ᠣᠷᠣᠨ ᠶᠡᠬᠡ ᠪᠷᠢᠲ᠋ᠠᠨ(ᠠᠩᠭᠯᠢ) ᠠᠷᠠᠯ ᠤᠨ ᠡᠮᠦᠨ᠎ᠡ᠂ ᠵᠡᠭᠦᠨ᠂ ᠲᠥᠪ ᠪᠡᠶ᠎ᠡ ᠳᠡᠭᠡᠷ᠎ᠡ ᠰᠺᠣᠲ᠋ᠯᠠᠨᠳ᠋ᠤᠥᠯᠰ ᠬᠣᠶᠠᠷ ᠲᠠᠢ ᠭᠠᠵᠠᠷ ᠢᠶᠠᠷ ᠬᠢᠯᠢᠯᠡᠵᠦ᠂ ᠤᠮᠠᠷᠠᠳᠤᠠᠶᠠᠷᠯᠠᠨᠲᠺᠧᠯᠲᠦ ᠶᠢᠨ ᠬᠡᠮᠡᠬᠦ ᠭᠤᠷᠪᠠᠨ ᠲᠡᠩᠭᠢᠰ ᠢᠶᠡᠷ ᠬᠦᠷᠢᠶᠡᠯᠡᠭᠦᠯᠵᠦ ᠣᠷᠣᠰᠢᠳᠠᠭ᠃ ᠮᠥᠨ ᠵᠡᠭᠦᠨ ᠤᠷᠢᠳᠤ ᠲᠠᠯ᠎ᠠ ᠪᠠᠷ ᠢᠶᠠᠨ ᠯᠠ-ᠮᠠᠩᠰᠢ ᠶᠢᠨ ᠬᠣᠭᠣᠯᠠᠢ (ᠠᠩᠭᠯᠢ ᠪᠠᠷ English Channel - ᠠᠩᠭᠯᠢ ᠰᠤᠪᠠᠭ) ᠍ ᠪᠠᠷ ᠧᠦ᠋ᠷᠣᠫᠠ ᠍ ᠤᠨ ᠡᠬᠡ ᠭᠠᠵᠠᠷ ᠠᠴᠠ ᠲᠤᠰᠠᠭᠠᠷᠯᠠᠭᠳᠠᠨ ᠪᠠᠶᠢᠳᠠᠭ᠃ ᠶᠡᠬᠡ ᠪᠷᠢᠲ᠋ᠠᠨ(ᠠᠩᠭᠯᠢ) ᠠᠷᠠᠯ ᠢ ᠲᠣᠭᠣᠷᠢᠭᠰᠠᠨ 100 ᠭᠠᠷᠤᠨ ᠵᠢᠵᠢᠭ ᠠᠷᠠᠯ ᠠᠩᠭᠯᠢ ᠳᠤ ᠬᠠᠷᠢᠶᠠᠯᠠᠭᠳᠠᠨ᠎ᠠ᠃

5 ᠍ ᠳᠦᠭᠡᠷ ᠵᠠᠭᠤᠨ ᠤ ᠦᠶ᠎ᠡ ᠳᠦ ᠤᠮᠠᠷᠠᠳᠤ ᠭᠧᠷᠮᠠᠨᠠ ᠠᠴᠠ ᠭᠧᠷᠮᠠᠨ ᠲᠥᠷᠥᠯ ᠦᠨ ᠬᠡᠯᠡ ᠲᠡᠢ ᠬᠦᠮᠦᠰ ᠠᠩᠭᠯᠢ ᠶᠢᠨ ᠵᠡᠭᠦᠨ ᠬᠡᠰᠡᠭ ᠷᠦᠦ ᠣᠯᠠᠨ ᠢᠶᠠᠷ ᠨᠡᠭᠦᠨ ᠰᠠᠭᠤᠷᠢᠰᠢᠵᠠᠢ᠃ ᠡᠳᠡᠭᠡᠷ ᠬᠦᠮᠦᠰ ᠨᠢ ᠠᠩᠭᠯᠢ (ᠣᠳᠣ ᠶᠢᠨ ᠠᠩᠭᠯᠢ ᠠᠮᠧᠷᠢᠺᠠ ᠶᠢᠨ ᠢᠯᠭᠠᠭ᠎ᠠ ᠲᠠᠢ ᠪᠤᠶᠤ ᠡᠷᠲᠡᠨ ᠦ ᠠᠩᠭᠯᠢ), ᠰᠠᠺᠰ᠂ ᠹᠷᠢᠽ᠂ ᠶᠦᠲ ᠵᠡᠷᠭᠡ ᠣᠯᠠᠨ ᠣᠪᠤᠭ᠂ ᠠᠶᠢᠮᠠᠭ ᠤᠨ ᠲᠥᠯᠥᠭᠡᠯᠡᠯ ᠪᠠᠶᠢᠭᠰᠠᠨ ᠬᠡᠳᠦᠢ ᠴᠤ ᠲᠡᠦᠬᠡᠨ ᠳᠦ ᠠᠩᠭᠯᠢ-ᠰᠠᠺᠰᠣᠨ (Anglo-Saxon) ᠭᠡᠵᠦ ᠶᠡᠷᠦᠩᠬᠡᠶᠢᠯᠡᠨ ᠨᠡᠷᠡᠶᠢᠳᠦᠭᠳᠡᠳᠡᠭ᠃ ᠠᠩᠭᠯᠢ ᠶᠢᠨ ᠨᠤᠲᠤᠭ ᠲᠤ ᠬᠡᠳᠦ ᠬᠡᠳᠦᠨ ᠵᠢᠵᠢᠭ ᠤᠯᠤᠰ᠂ ᠭᠦᠨ᠂ ᠸᠠᠩᠲᠤ ᠲᠥᠷᠥ ᠵᠡᠷᠭᠡᠴᠡᠨ ᠣᠷᠣᠰᠢᠨ ᠪᠠᠶᠢᠭᠰᠠᠨ ᠪᠥᠭᠡᠳ 927 ᠣᠨ ᠳᠤ ᠡᠲ᠋ᠧᠯᠰᠲ᠋ᠠᠨ (ᠬᠠᠭᠤᠴᠢᠨ ᠠᠩᠭᠯᠢ ᠪᠠᠷ Æþelstan, Æðelstān ᠭᠡᠵᠦ ᠪᠢᠴᠢᠭᠳᠡᠨ᠎ᠡ) ᠭᠡᠭᠴᠢ ᠸᠠᠩ "ᠠᠩᠭᠯᠢ-ᠰᠠᠺᠰᠣᠨ ᠤ ᠸᠠᠩ" ᠪᠤᠰᠤ ᠬᠠᠷᠢᠨ "ᠠᠩᠭᠯᠢ ᠶᠢᠨ ᠸᠠᠩ" (rex Anglorum - King of England) ᠴᠣᠯᠠ ᠡᠷᠭᠦᠮᠵᠢᠯᠡᠭᠳᠡᠭᠰᠡᠨ ᠢᠶᠡᠷ ᠥᠨᠥ ᠶᠢ ᠬᠦᠷᠲᠡᠯ᠎ᠡ ᠠᠩᠭᠯᠢ ᠤᠯᠤᠰ᠂ ᠠᠩᠭᠯᠢ ᠣᠷᠣᠨ ᠣᠷᠣᠰᠢᠨ ᠪᠠᠶᠢᠨ᠎ᠠ ᠭᠡᠵᠦ ᠦᠵᠡᠳᠡᠭ᠃

1284 ᠣᠨ ᠳᠤ ᠤᠥᠯᠰᠢᠭᠢᠭ ᠨᠣᠷᠮᠠᠨ ᠳᠤᠠ ᠠᠴᠠ ᠠᠪᠤᠭᠰᠠᠨ ᠠᠩᠭᠯᠢ ᠶᠢᠨ ᠸᠠᠩᠲᠤ ᠤᠯᠤᠰ ᠨᠢ 927-1707 ᠣᠨ ᠤ ᠬᠣᠭᠣᠷᠣᠨᠳᠣ ᠪᠦᠷᠢᠨ ᠡᠷᠬᠡᠲᠦ ᠤᠯᠤᠰ ᠪᠠᠶᠢᠪᠠ᠃ 1707 ᠣᠨ ᠳᠤ ᠶᠡᠬᠡ ᠪᠷᠢᠲ᠋ᠠᠨ(ᠠᠩᠭᠯᠢ) ᠠᠷᠠᠯ ᠳᠡᠭᠡᠷ᠎ᠡ ᠪᠠᠶᠢᠭᠰᠠᠨ ᠥᠭᠡᠷ᠎ᠡ ᠨᠢᠭᠡ ᠤᠯᠤᠰ ᠪᠣᠯᠬᠤ ᠱᠣᠲᠯᠠᠨ᠋ᠳ᠋ ᠍ ᠤᠨ ᠸᠠᠩᠲᠤ ᠤᠯᠤᠰᠲᠠᠢ ᠨᠢᠭᠡᠳᠴᠦ ᠶᠡᠬᠡ ᠪᠷᠢᠲ᠋ᠠᠨ(ᠠᠩᠭᠯᠢ) ᠤᠨ ᠸᠠᠩᠲᠤ ᠤᠯᠤᠰ ᠭᠡᠳᠡᠭ ᠰᠢᠨ᠎ᠡ ᠤᠯᠤᠰ ᠡᠭᠦᠰᠬᠡᠭᠰᠡᠨ ᠡᠴᠡ ᠬᠣᠶᠢᠰᠢ ᠠᠩᠭᠯᠢ ᠨᠢ ᠶᠡᠬᠡ ᠪᠷᠢᠲ᠋ᠠᠨ(ᠠᠩᠭᠯᠢ) ᠤᠯᠤᠰ ᠤᠨ ᠭᠣᠣᠯ᠂ ᠣᠨᠴᠠ ᠲᠣᠮᠣ ᠪᠦᠷᠢᠯᠳᠦᠬᠦᠨ ᠬᠡᠰᠡᠭ ᠪᠠᠶᠢᠭᠰᠠᠭᠠᠷ ᠪᠠᠶᠢᠨ᠎ᠠ᠃

ᠡᠳᠦᠭᠡ ᠶᠡᠬᠡ ᠪᠷᠢᠲ᠋ᠠᠨ(ᠠᠩᠭᠯᠢ) ᠤᠨ ᠨᠤᠲᠤᠭ ᠤᠨ 53.5% (130.4 ᠮᠢᠩᠭᠠᠨ км²), ᠬᠦᠮᠦᠨ ᠠᠮᠠ ᠶᠢᠨ 84% (53.0 ᠰᠠᠶ᠎ᠠ) ᠨᠢ ᠠᠩᠭᠯᠢ ᠳᠤ ᠨᠣᠭᠳᠠᠳᠠᠭ᠃[1][2] ᠮᠣᠩᠭᠣᠯ ᠳᠤ ᠠᠩᠭᠯᠢ ᠪᠠᠷ ᠶᠡᠬᠡ ᠪᠷᠢᠲ᠋ᠠᠨ ᠢ ᠲᠥᠯᠦᠭᠡᠯᠡᠭᠦᠯᠵᠦ ᠶᠠᠷᠢᠬᠤ ᠨᠢ ᠲᠦᠭᠡᠮᠡᠯ᠃

ᠵᠠᠰᠠᠭ ᠵᠠᠬᠢᠷᠭ᠎ᠠ᠂ ᠨᠤᠲᠤᠭ ᠤᠨ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠭᠯᠢ ᠣᠷᠣᠨ ᠤ ᠨᠤᠲᠤᠭ ᠳᠡᠪᠢᠰᠬᠡᠷ᠂ ᠬᠦᠮᠦᠨ ᠠᠷᠠᠳ ᠨᠢ ᠠᠶᠢᠮᠠᠭ (regional..), ᠬᠣᠰᠢᠭᠤ (county..), ᠰᠤᠮᠤ ᠳᠡᠭᠦᠷᠭᠡ (district..), ᠪᠠᠭ ᠬᠣᠷᠢᠶᠠᠨ ᠤ (parish..) ᠪᠤᠶᠤ ᠬᠠᠤᠯᠢ ᠶᠣᠰᠣᠨ ᠤ 4, ᠬᠣᠰᠢᠭᠤᠨ ᠤ (county) ᠪᠤᠶᠤ ᠤᠭ ᠶᠣᠰᠣᠨ ᠤ 1 ᠭᠡᠬᠦ 5 ᠲᠦᠪᠰᠢᠨ ᠳᠦ (level) ᠬᠡᠳᠦ ᠬᠡᠳᠦᠨ ᠵᠦᠢᠯ ᠪᠣᠯᠤᠨ ᠬᠤᠪᠢᠶᠠᠭᠳᠠᠵᠤ ᠬᠠᠷᠢᠶᠠᠯᠠᠭᠳᠠᠨ᠎ᠠ᠃

ᠤᠷᠢᠳᠤ ᠡᠮᠦᠨ᠎ᠡ ᠨᠢ ᠪᠠᠶᠢᠭ᠎ᠠ ᠦᠭᠡᠢ ᠲᠣᠮᠣᠬᠠᠨ ᠨᠢᠭᠡᠴᠡ - ᠠᠶᠢᠮᠠᠭ (region) ᠭᠡᠬᠦ ᠵᠠᠰᠠᠭ ᠵᠠᠬᠢᠷᠭᠠᠨ ᠤ ᠵᠦᠢᠯ ᠢ 1994 ᠣᠨ ᠳᠤ ᠡᠭᠦᠰᠬᠡᠭᠰᠡᠨ᠃ ᠡᠮᠦᠨ᠎ᠡ ᠲᠠᠯ᠎ᠠ ᠠᠴᠠ ᠨᠡᠷᠡᠯᠡᠪᠡᠯ ᠪᠠᠷᠠᠭᠤᠨ ᠡᠮᠦᠨᠡᠲᠦ ᠠᠩᠭᠯᠢᠵᠡᠭᠦᠨ ᠡᠮᠦᠨᠡᠲᠦ ᠠᠩᠭᠯᠢᠶᠡᠬᠡ ᠯᠣᠨᠳᠣᠨᠳᠣᠷᠣᠨᠠᠲᠤ ᠠᠩᠭᠯᠢᠪᠠᠷᠠᠭᠤᠨ ᠮᠡᠳᠯᠠᠨᠳᠵᠡᠭᠦᠨ ᠮᠡᠳᠯᠠᠨᠳᠢᠣᠷᠺᠰᠢᠷ ᠪᠠ ᠬᠠᠩᠪᠧᠷᠪᠠᠷᠠᠭᠤᠨ ᠤᠮᠠᠷᠠᠳᠤ ᠠᠩᠭᠯᠢᠵᠡᠭᠦᠨ ᠤᠮᠠᠷᠠᠳᠤ ᠠᠩᠭᠯᠢ ᠭᠡᠬᠦ 9 ᠨᠢᠭᠡᠴᠡ ᠪᠠᠶᠢᠨ᠎ᠠ᠃

ᠯᠣᠨᠳᠣᠨ ᠠᠴᠠ ᠪᠤᠰᠤᠳ ᠨᠠᠶᠢᠮᠠᠨ ᠠᠶᠢᠮᠠᠭ ᠳᠣᠲᠣᠷ᠎ᠠ ᠪᠠᠨ 6 ᠬᠣᠲᠠ ᠶᠢᠨ ᠬᠣᠰᠢᠭᠤ (Metropolitan county), 27 ᠬᠥᠳᠡᠭᠡᠨ ᠦ ᠬᠣᠰᠢᠭᠤ (Non-metropolitan county/Shire county), 56 ᠨᠢᠭᠡᠳᠦᠮᠡᠯ ᠨᠢᠭᠡᠴᠡ (Unitary authority) ᠪᠣᠯᠤᠨ ᠬᠤᠪᠢᠶᠠᠭᠳᠠᠨ᠎ᠠ᠃ ᠬᠣᠲᠠ ᠶᠢᠨ ᠬᠣᠱᠤᠳ ᠳᠣᠲᠣᠷ᠎ᠠ ᠪᠠᠨ 36 ᠬᠣᠲᠠ ᠶᠢᠨ ᠳᠡᠭᠦᠷᠭᠡ (Metropolitan borough), ᠬᠥᠳᠡᠭᠡᠨ ᠦ ᠬᠣᠱᠤᠳ ᠳᠣᠲᠣᠷ᠎ᠠ ᠪᠠᠨ 201 ᠰᠤᠮᠤ (Non-metropolitan district) ᠪᠣᠯᠵᠤ ᠬᠤᠪᠢᠶᠠᠭᠳᠠᠨ᠎ᠠ᠃ ᠬᠠᠷᠢᠨ ᠨᠢᠭᠡᠳᠦᠮᠡᠯ ᠨᠢᠭᠡᠴᠡ ᠰᠤᠮᠤ ᠳᠡᠭᠦᠷᠭᠡ ᠶᠢᠨ ᠲᠦᠪᠰᠢᠨ ᠳᠦ ᠬᠤᠪᠢᠶᠠᠭᠳᠠᠬᠤ ᠦᠭᠡᠢ᠃ ᠬᠣᠲᠠ ᠶᠢᠨ ᠪᠥᠭᠡᠭᠡᠨᠡᠷᠡᠯ ᠪᠣᠯᠬᠤ ᠯᠣᠨᠳᠣᠨ ᠠᠶᠢᠮᠠᠭ 33 ᠳᠡᠭᠦᠷᠭᠡᠲᠡᠢ (32 London borough, 1 City of London).

ᠪᠦᠬᠦᠯᠢ ᠠᠩᠭᠯᠢ ᠵᠠᠰᠠᠭ ᠵᠠᠬᠢᠷᠭᠠᠨ ᠤ ᠵᠣᠷᠢᠯᠭ᠎ᠠ᠂ ᠡᠷᠬᠡ᠂ ᠡᠭᠦᠷᠭᠡ ᠦᠭᠡᠢ ᠴᠤ ᠤᠭ ᠶᠣᠰᠣᠨ ᠤ 48 ᠬᠣᠰᠢᠭᠤᠨᠳ (county) ᠬᠤᠪᠢᠶᠠᠭᠳᠠᠨ᠎ᠠ᠃[3] ᠳᠡᠭᠡᠷ᠎ᠡ ᠦᠶᠡᠰ ᠡᠨᠡ ᠬᠣᠱᠤᠳ ᠲᠤ ᠬᠠᠭᠠᠨᠲᠤ ᠲᠥᠷᠥ ᠶᠢᠨ ᠲᠣᠮᠢᠯᠠᠭᠰᠠᠨ ᠠᠮᠪᠠᠨ ᠨᠣᠶᠠᠨ (Lord Lieutenant - ᠵᠠᠩᠵᠤᠨ ᠯᠣᠷ ᠲᠤ) ᠲᠣᠬᠣᠭᠠᠨ ᠲᠣᠮᠢᠯᠠᠭᠳᠠᠭᠰᠠᠭᠠᠷ ᠢᠷᠡᠭᠰᠡᠨ᠃[3] ᠡᠭᠦᠨ ᠢ ᠣᠳᠣ ᠴᠤ ᠣᠶᠢᠰᠢᠶᠠᠨ ᠦᠵᠡᠳᠡᠭ ᠪᠥᠭᠡᠳ ᠵᠠᠰᠠᠭ ᠵᠠᠬᠢᠷᠭᠠᠨ ᠤ ᠬᠣᠰᠢᠭᠤᠨ ᠠᠴᠠ ᠢᠯᠭᠠᠬᠤ ᠶᠢᠨ ᠲᠤᠯᠠᠳᠠ ᠤᠭ ᠶᠣᠰᠣᠨ ᠤ᠂ ᠶᠣᠰᠣᠯᠠᠯ ᠤᠨ᠂ ᠭᠠᠵᠠᠷ ᠵᠦᠢ ᠶᠢᠨ ᠬᠣᠰᠢᠭᠤ (ceremonial county - ᠶᠣᠰᠣᠯᠠᠯ ᠤᠨ ᠬᠣᠰᠢᠭᠤ) ᠵᠡᠷᠭᠡ ᠪᠡᠷ ᠨᠡᠷᠡᠶᠢᠳᠳᠡᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 2011 Census - Population and household estimates for England and Wales, March 2011. Accessed 16 July 2012
  2. Office for National Statistics. Population estimates for UK, England and Wales, Scotland and Northern Ireland – current datasets. statistics.gov.uk. 5 June 2009 ᠍ ᠳᠦ ᠬᠠᠨᠳᠤᠭᠰᠠᠨ᠃ᠵᠠᠭᠪᠤᠷ:Dead link
  3. 3.0 3.1 Lieutenancies Act 1997. Office of Public Sector Information (1997). 8 August 2010 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠠᠩᠭᠯᠢ»


{{ᠶᠡᠬᠡ ᠪᠷᠢᠲ᠋ᠠᠨᠢ᠂ ᠤᠮᠠᠷᠠᠳᠤ ᠢᠷᠯᠠᠨᠳ᠋ ᠍ ᠤᠨ ᠨᠢᠭᠡᠳᠦᠭᠰᠡᠨ ᠸᠠᠩᠲᠤ ᠤᠯᠤᠰ ᠤᠨ ᠬᠠᠷᠢᠶ᠎ᠠ ᠤᠯᠤᠰ ᠣᠷᠣᠨ᠂ ᠨᠤᠲᠤᠭ ᠳᠡᠪᠢᠰᠬᠡᠷ}}

http://wiki.uhaan.com/index.php?title=ᠠᠩᠭᠯᠢ&oldid=436210》 ᠍  ᠡᠴᠡ ᠠᠪᠤᠭᠰᠠᠨ

ᠪᠢᠴᠢᠭᠡᠰᠦ