ᠠᠩᠨᠠᠭᠤᠷ ᠤᠨ ᠲᠡᠩᠭᠢᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠩᠨᠠᠭᠤᠷ ᠤᠨ ᠲᠡᠩᠭᠢᠰ

ᠠᠩᠨᠠᠭᠤᠷ ᠤᠨ ᠲᠡᠩᠭᠢᠰ (ᠣᠷᠣᠰ ᠶᠢᠡᠷ Охо́тское мо́реᠬᠢᠲᠠᠳ ᠢᠶᠠᠷ 鄂霍次克海᠂ ᠥᠪᠥᠷ ᠮᠣᠩᠭᠣᠯ ᠳᠤ ᠣᠬᠣᠼᠺ ᠲᠠᠩᠭᠢᠰ ᠭᠡᠳᠡᠭ) ᠨᠢ ᠨᠣᠮᠣᠬᠠᠨ ᠳᠠᠯᠠᠢ ᠶᠢᠨ ᠨᠢᠭᠡ ᠬᠡᠰᠡᠭ ᠪᠥᠭᠡᠳ ᠺᠦᠷᠢᠯ ᠣᠯᠲᠣᠷᠢᠭᠺᠠᠮᠴᠠᠲ᠋ᠺᠠ ᠶᠢᠨ ᠬᠣᠶᠢᠭ ᠢᠶᠠᠷᠨᠣᠮᠣᠬᠠᠨ ᠳᠠᠯᠠᠢᠰᠠᠬᠠᠯᠢᠨᠬᠣᠺᠺᠠᠶᠢᠳᠣᠣ᠋ ᠪᠠᠷ ᠶᠠᠫᠣᠨ ᠲᠡᠩᠭᠢᠰᠲᠡᠢ ᠬᠢᠯᠢᠯᠡᠳᠡᠭ ᠲᠡᠩᠭᠢᠰ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠨᠠᠭᠤᠷ ᠤᠨ ᠲᠡᠩᠭᠢᠰ ᠦᠨ ᠭᠦᠨ ᠦ ᠬᠡᠮᠵᠢᠶ᠎ᠡ ᠶᠢ ᠬᠠᠷᠠᠭᠤᠯᠤᠭᠰᠠᠨ ᠭᠠᠵᠠᠷ ᠤᠨ ᠵᠢᠷᠤᠭ

ᠠᠩᠨᠠᠭᠤᠷ ᠤᠨ ᠲᠡᠩᠭᠢᠰ ᠦᠨ ᠨᠡᠶᠢᠲᠡ ᠲᠠᠯᠠᠪᠠᠢ ᠨᠢ 1,528 ᠮᠢᠩᠭᠠᠨ km², ᠳᠤᠮᠳᠠᠴᠢ ᠭᠦᠨ ᠨᠢ 838 ᠮᠧᠲ᠋ᠷ ᠪᠥᠭᠡᠳ ᠡᠮᠦᠨᠡᠲᠦ ᠬᠡᠰᠡᠭ ᠢᠶᠡᠷ ᠢᠶᠡᠨ ᠢᠯᠡᠭᠦᠦ ᠭᠦᠨᠵᠡᠭᠡᠢ ᠪᠠᠶᠢᠳᠠᠭ ᠣᠨᠴᠠᠯᠢᠭ ᠲᠠᠢ᠃ ᠺᠦᠷᠢᠯ ᠣᠯᠲᠣᠷᠢᠭ ᠤᠨ ᠣᠷᠴᠢᠮ ᠳᠤ ᠤᠷᠤᠰᠢᠬᠤ ᠬᠠᠮᠤᠭ ᠤᠨ ᠭᠦᠨ ᠴᠡᠭ ᠨᠢ 3,658 ᠮᠧᠲ᠋ᠷ ᠪᠣᠯᠤᠨ᠎ᠠ᠃  ᠶᠠᠫᠣᠨ ᠲᠡᠩᠭᠢᠰ ᠲᠡᠢ ᠬᠣᠯᠪᠣᠭᠳᠠᠬᠤ ᠲᠠᠲ᠋ᠠᠷ ᠤᠨ ᠬᠣᠭᠣᠯᠠᠢ ᠪᠣᠯᠤᠨ ᠯᠠ ᠫᠧᠷᠤᠰ ᠤᠨ ᠬᠣᠭᠣᠯᠠᠢ ᠨᠢ ᠭᠦᠶᠦᠬᠡᠨ ᠪᠠᠶᠢᠳᠠᠭ ᠪᠣᠯ ᠨᠣᠮᠣᠬᠠᠨ ᠳᠠᠯᠠᠢ ᠲᠠᠢ ᠬᠣᠯᠪᠣᠭᠳᠠᠳᠠᠭ᠂ ᠺᠦᠷᠢᠯ ᠣᠯᠲᠣᠷᠢᠭ ᠤᠨ ᠬᠣᠭᠣᠷᠣᠨᠳᠣᠬᠢ ᠬᠣᠭᠣᠯᠠᠢ ᠨᠤᠭᠤᠳ ᠍ ᠤᠨ ᠭᠦᠨ ᠨᠢ 2,000 ᠮᠧᠲ᠋ᠷ ᠬᠦᠷᠬᠦ ᠲᠣᠬᠢᠶᠠᠯᠳᠤᠯ ᠪᠤᠢ᠃

ᠠᠩᠨᠠᠭᠤᠷ ᠤᠨ ᠲᠡᠩᠭᠢᠰ ᠦᠨ ᠪᠠᠷᠠᠭᠤᠨ ᠬᠡᠰᠡᠭ ᠲᠦ ᠣᠷᠣᠰ ᠬᠣᠯᠪᠣᠭᠠᠨ ᠤ ᠤᠯᠤᠰ ᠍ ᠤᠨ ᠡᠵᠡᠮᠰᠢᠯ ᠦᠨ ᠰᠢᠨᠲᠠᠷ ᠤᠨ ᠠᠷᠠᠯ ᠤᠳ ᠣᠷᠣᠰᠢᠳᠠᠭ᠃

ᠳᠠᠯᠠᠢ ᠶᠢᠨ ᠤᠷᠤᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠨᠠᠭᠤᠷ ᠤᠨ ᠲᠡᠩᠭᠢᠰ ᠲᠦ ᠴᠠᠭ ᠤᠨ ᠵᠡᠭᠦᠨ ᠦ ᠡᠰᠡᠷᠬᠦ ᠴᠢᠭᠯᠡᠯ ᠲᠡᠢ ᠳᠠᠯᠠᠢ ᠶᠢᠨ ᠤᠷᠤᠰᠬᠠᠯ (ᠠᠩᠨᠠᠭᠤᠷ ᠤᠨ ᠲᠡᠩᠭᠢᠰ ᠦᠨ ᠲᠣᠭᠣᠷᠢᠭ ᠤᠷᠤᠰᠬᠠᠯ) ᠤᠷᠤᠰᠬᠤ ᠪᠥᠭᠡᠳ ᠺᠦᠷᠢᠯ ᠣᠯᠲᠣᠷᠢᠭ ᠤᠨ ᠬᠣᠶᠢᠳᠤ ᠬᠡᠰᠡᠭ ᠢᠶᠡᠷ ᠺᠠᠮᠴᠠᠲ᠋ᠺᠠ ᠶᠢᠨ ᠤᠷᠤᠰᠭᠠᠯ ᠍ ᠤᠨ ᠨᠢᠭᠡ ᠬᠡᠰᠡᠭ ᠨᠢ ᠣᠷᠣᠵᠤ ᠢᠷᠡᠳᠡᠭ᠃ ᠲᠠᠲ᠋ᠠᠷ ᠤᠨ ᠬᠣᠭᠣᠯᠠᠢ ᠳᠤ ᠠᠮᠤᠷ ᠮᠥᠷᠡᠨ ᠦ ᠠᠳᠠᠭ ᠪᠠᠶᠢᠳᠠᠭ ᠲᠤᠯᠠ ᠬᠣᠺᠺᠠᠶᠢᠳᠣᠣ᠋ ᠶᠢᠨ ᠬᠣᠶᠢᠳᠤ ᠬᠡᠰᠡᠭ ᠦᠨ ᠤᠷᠤᠰᠬᠠᠯ ᠢ ᠡᠰᠡ ᠲᠣᠭᠠᠴᠠᠪᠠᠯ ᠶᠠᠫᠣᠨ ᠲᠡᠩᠭᠢᠰ ᠲᠡᠢ ᠪᠠᠷᠤᠭ ᠤᠰᠤᠨ ᠤ ᠰᠣᠯᠢᠯᠴᠠᠭ᠎ᠠ ᠪᠠᠶᠢᠳᠠᠭ ᠦᠭᠡᠢ᠃

ᠵᠤᠨ ᠤ ᠤᠯᠠᠷᠢᠯ ᠳᠤ ᠴᠤ ᠤᠰᠤᠨ ᠤ ᠲᠣᠯᠠᠭᠠᠨ ᠤ ᠬᠡᠮᠵᠢᠶ᠎ᠡ ᠨᠢ ᠪᠠᠭ᠎ᠠ ᠪᠠᠶᠢᠳᠠᠭ ᠠᠴᠠ ᠠᠩᠨᠠᠭᠤᠷ ᠤᠨ ᠲᠡᠩᠭᠢᠰ ᠦᠨ ᠶᠡᠬᠡ ᠳᠠᠷᠤᠯᠲᠠ ᠶᠢᠨ ᠣᠷᠣᠨ ᠡᠭᠦᠰᠬᠦ ᠨᠢ ᠡᠯᠪᠡᠭ᠂ ᠡᠨᠡ ᠨᠢ ᠶᠠᠫᠣᠨ ᠤ ᠬᠣᠶᠢᠳᠤ ᠨᠤᠲᠤᠭ ᠢᠶᠠᠷ ᠵᠤᠨ ᠤ ᠤᠯᠠᠷᠢᠯ ᠳᠤ ᠴᠤ ᠰᠡᠷᠢᠭᠦᠦ ᠲᠠᠲᠠᠵᠤ᠂ ᠮᠠᠨᠠᠨ ᠡᠭᠦᠰᠬᠦ ᠨᠥᠬᠥᠴᠡᠯ ᠪᠣᠯᠳᠠᠭ ᠪᠠᠶᠢᠨ᠎ᠠ᠃

ᠬᠥᠪᠪᠦᠭᠴᠢ ᠮᠥᠰᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠮᠤᠷ ᠮᠥᠷᠡᠨ ᠦ ᠴᠢᠳᠬᠤᠳᠠᠭ ᠬᠡᠰᠡᠭ ᠢᠶᠡᠷ ᠤᠰᠤᠨ ᠳᠠᠬᠢ ᠳᠠᠪᠤᠰᠤᠨ ᠤ ᠡᠵᠡᠯᠡᠬᠦ ᠬᠤᠪᠢ ᠪᠠᠭ᠎ᠠ ᠪᠠᠶᠢᠳᠠᠭ ᠠᠴᠠ ᠨᠢᠭᠲᠠᠴᠠ ᠶᠡᠬᠡ ᠲᠡᠢ ᠪᠣᠯᠬᠤ ᠲᠤᠯᠠ ᠡᠪᠦᠯ ᠦᠨ ᠤᠯᠠᠷᠢᠯ ᠳᠤ ᠰᠢᠪᠸᠷᠢᠶ ᠠ ᠶᠢᠨ ᠶᠡᠬᠡ ᠳᠠᠷᠤᠯᠲᠠ ᠶᠢᠨ ᠣᠷᠣᠨ ᠤ ᠨᠥᠯᠥᠭᠡ ᠪᠡᠷ ᠬᠥᠯᠳᠡᠳᠡᠭ᠃ ᠶᠠᠫᠣᠨ ᠲᠡᠩᠭᠢᠰ ᠦᠨ ᠤᠮᠠᠷᠠᠳᠤ ᠬᠡᠰᠡᠭ ᠪᠠ ᠠᠩᠨᠠᠭᠤᠷ ᠤᠨ ᠲᠡᠩᠭᠢᠰ ᠨᠢ ᠡᠶᠢᠨᠬᠦᠦ ᠬᠣᠶᠢᠳᠤ ᠬᠠᠭᠠᠰ ᠪᠥᠮᠪᠥᠷᠴᠡᠭ ᠦᠨ ᠡᠪᠦᠯ ᠬᠥᠯᠳᠡᠳᠡᠭ ᠬᠠᠮᠤᠭ ᠤᠨ ᠤᠷᠳᠤ ᠴᠡᠭ ᠪᠣᠯᠤᠨ᠎ᠠ᠃ ᠬᠠᠪᠤᠷ ᠪᠣᠯᠬᠤ ᠳᠤ ᠮᠥᠰᠥ ᠬᠠᠶᠢᠯᠠᠵᠤ᠂ ᠬᠥᠪᠪᠦᠭᠴᠢ ᠮᠥᠰᠦᠨ ᠨᠦᠭᠦᠳ ᠪᠤᠢ ᠪᠣᠯᠤᠨ᠂ ᠰᠠᠬᠠᠯᠢᠨ ᠤ ᠵᠡᠭᠦᠨ ᠡᠷᠭᠢ ᠶᠢᠨ ᠳᠠᠭᠠᠭᠤᠬᠢ ᠤᠷᠤᠰᠬᠠᠯ ᠢ ᠳᠠᠮᠵᠢᠨ᠂ ᠬᠣᠺᠺᠠᠶᠢᠳᠣᠣ᠋ ᠶᠢᠨ ᠬᠣᠶᠢᠳᠤ ᠡᠷᠭᠢ ᠳᠦ ᠬᠦᠷᠴᠦ ᠢᠷᠡᠳᠡᠭ ᠪᠠᠶᠢᠨ᠎ᠠ᠃

ᠭᠠᠵᠠᠷ ᠤᠨ ᠲᠣᠰᠣ᠂ ᠰᠢᠲᠠᠳᠠᠭ ᠬᠡᠢ ᠶᠢᠨ ᠨᠥᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠬᠠᠯᠢᠨ ᠤ ᠣᠷᠴᠢᠮ ᠳᠤ ᠡᠬᠡ ᠭᠠᠵᠠᠷ ᠤᠨ ᠲᠠᠪᠴᠠᠩ ᠤᠨ ᠭᠦᠨ ᠳᠦ ᠴᠢᠯᠠᠭᠣᠨ ᠲᠣᠰᠣᠰᠢᠲᠠᠳᠠᠭ ᠬᠡᠢ ᠶᠢᠨ ᠪᠠᠶᠠᠯᠢᠭ ᠣᠷᠳᠣ ᠨᠤᠭᠤᠳ ᠪᠤᠢ᠃ ᠰᠡᠭᠦᠯ ᠦᠨ ᠵᠢᠯ ᠦᠳ ᠳᠦ ᠠᠩᠨᠠᠭᠤᠷ ᠤᠨ ᠲᠡᠩᠭᠢᠰ ᠦᠨ ᠣᠷᠣᠰ ᠬᠣᠯᠪᠣᠭᠠᠨ ᠤ ᠤᠯᠤᠰ ᠤᠨ ᠡᠵᠡᠮᠰᠢᠯ ᠦᠨ ᠪᠥᠰᠡ ᠨᠤᠲᠤᠭ ᠠᠴᠠ ᠭᠠᠵᠠᠷ ᠤᠨ ᠲᠣᠰᠣ᠂ ᠰᠢᠲᠠᠳᠠᠭ ᠬᠡᠢ ᠣᠯᠪᠤᠷᠢᠯᠠᠬᠤ ᠰᠠᠬᠠᠯᠢᠨ ᠲᠥᠰᠥᠯ ᠬᠡᠷᠡᠭᠵᠢᠵᠦ ᠪᠤᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠠᠩᠨᠠᠭᠤᠷ ᠤᠨ ᠲᠡᠩᠭᠢᠰ»

ᠪᠢᠴᠢᠭᠡᠰᠦ