ᠠᠨᠺᠠᠷᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠨᠺᠠᠷᠠ ᠬᠣᠲᠠ
ᠬᠣᠲᠠ
ᠬᠣᠯᠪᠣᠭᠠᠨ ᠤ ᠪᠣᠯᠤᠨ ᠠᠯᠤᠰ ᠢ ᠬᠠᠷᠠᠬᠤ ᠵᠣᠷᠢᠭᠤᠯᠤᠯᠲᠠ ᠲᠠᠢ
ᠲᠦᠷᠺ ᠪᠡᠷ Atakule («ᠡᠴᠢᠭᠡ ᠴᠠᠮᠬᠠᠭ»)

ᠠᠨᠺᠠᠷᠠ
ᠲᠦᠷᠺ ᠳᠠᠬᠢ ᠠᠨᠺᠠᠷᠠ ᠬᠣᠲᠠ ᠶᠢᠨ ᠪᠠᠶᠢᠷᠢᠰᠢᠯ
ᠡᠵᠡᠨ ᠤᠯᠤᠰ Flag of Turkey.svg ᠲᠦᠷᠺ
ᠳᠡᠭᠡᠳᠦ ᠨᠤᠲᠤᠭ ᠠᠨᠺᠠᠷᠠ ᠠᠶᠢᠮᠠᠭ
ᠭᠠᠵᠠᠷ ᠨᠤᠲᠤᠭ 2,516 км²
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 938 ᠮ
ᠬᠦᠮᠦᠨ ᠠᠮᠠ (ᠲᠣᠭᠠᠯᠠᠯ) 2011 ᠣᠨ ᠳᠤ 4,338,620 ᠬᠦᠮᠦᠨ
ᠨᠤᠲᠤᠭ ᠤᠨ ᠣᠯᠠᠨ ᠠᠨᠺᠠᠷᠠᠭ ᠤᠨ ᠬᠢᠨ
1574 ᠣᠨ ᠥᠨᠥ ᠶᠢᠨ ᠬᠣᠲᠠ ᠶᠢᠨ ᠰᠠᠭᠤᠷᠢ
ᠬᠣᠲᠠ ᠶᠢᠨ ᠳᠠᠷᠤᠭ᠎ᠠ ᠢᠪᠷᠠᠬᠢᠮ ᠮᠧᠯᠢᠬᠤ ᠭᠶᠺᠴᠧᠺ
ᠤᠲᠠᠰᠤᠨ ᠳ᠋ᠣᠭᠠᠷ +90 312
ᠰᠢᠤᠳᠠᠨ ᠳᠤᠭᠠᠷ 06x xx
ᠴᠠᠬᠢᠮ ᠭᠠᠵᠠᠷ ankara.bel.tr (ᠲᠦᠷᠺ ᠢᠶᠡᠷ)

ᠪᠦᠭᠦᠳᠡ ᠨᠠᠶᠢᠷᠠᠮᠳᠠᠬᠤ ᠲᠦᠷᠺ ᠤᠯᠤᠰ ᠍ ᠤᠨ ᠨᠡᠶᠢᠰᠯᠡᠯ ᠠᠨᠺᠠᠷᠠ (ᠠᠨᠺᠠᠷᠠ́, ᠲᠦᠷᠺ ᠢᠶᠡᠷ Ankara, ᠳᠠᠭᠤᠳᠠᠯᠭ᠎ᠠ ᠨᠢ [ˈaŋ.ka.ɾa] [ᠠᠨ ᠺᠠᠷᠠ ᠪᠠᠨ]) ᠬᠣᠲᠠ ᠲᠦᠷᠺ ᠣᠷᠣᠨ ᠤ ᠲᠥᠪ ᠬᠡᠰᠡᠭ᠂ ᠠᠨᠠᠲ᠋ᠣᠯ ᠤᠨ ᠰᠢᠯᠢ᠂ ᠠᠨᠺᠠᠷᠠ ᠴᠢᠪᠦᠺ ᠬᠣᠶᠠᠷ ᠭᠣᠣᠯ ᠤᠨ ᠪᠡᠯᠴᠢᠷ ᠲᠦ ᠳᠠᠯᠠᠢ ᠶᠢᠨ ᠲᠦᠪᠰᠢᠨ ᠡᠴᠡ ᠳᠡᠭᠡᠭᠰᠢ 938 ᠮᠧᠲ᠋ᠷ ᠥᠨᠳᠥᠷ ᠲᠦ ᠪᠠᠶᠢᠷᠢᠯᠠᠳᠠᠭ᠃[1][2]

ᠲᠣᠪᠴᠢ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠨᠺᠠᠷᠠ ᠪᠣᠯ ᠠᠨᠠᠲ᠋ᠣᠯ ᠤᠨ ᠬᠣᠶᠢᠭᠡᠶᠢᠨ ᠡᠷᠲᠡᠨ ᠦ ᠲᠡᠦᠬᠡ ᠲᠡᠢ ᠬᠣᠲᠠ ᠨᠤᠭᠤᠳ ᠤᠨ ᠨᠢᠭᠡ ᠶᠠᠭᠤᠮ᠎ᠠ᠃ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ VII ᠵᠠᠭᠤᠨ ᠤ ᠦᠶᠡᠰ ᠠᠩᠭᠢᠷᠠ ᠪᠤᠶᠤ ᠠᠩᠬᠢᠷᠠ (ᠭᠷᠧᠺ ᠢᠶᠡᠷ Αγκυρα — «ᠵᠠᠩᠭᠤᠲᠤ») ᠪᠠᠯᠭᠠᠰᠤ ᠠᠽᠢᠶ᠎ᠠ-ᠧᠦ᠋ᠷᠣᠫᠠ ᠍ ᠤᠨ ᠬᠤᠳᠠᠯᠳᠤᠭᠠᠨ ᠤ ᠵᠠᠮ ᠳᠤ ᠪᠠᠶᠢᠳᠠᠭ ᠪᠠᠶᠢᠪᠠ᠃ 1071 ᠣᠨ ᠤ ᠪᠠᠶᠢᠯᠳᠤᠭᠠᠨ ᠤ ᠳᠦᠩ ᠳᠦ ᠰᠧᠯᠵᠢᠺ ᠲᠦᠷᠦᠭᠡᠶᠢᠨ ᠬᠢᠨᠠᠯᠲᠠᠨ ᠳᠤ ᠣᠷᠣᠭᠰᠠᠨ᠃ 1402 ᠣᠨ ᠤ ᠠᠩ ᠢᠶᠠᠷ ᠤᠨ ᠪᠠᠶᠢᠯᠳᠤᠭᠠᠨ ᠢᠶᠠᠷ ᠣᠰᠠᠮᠠᠨ ᠤ I ᠪᠠᠶᠠᠽᠢ ᠳᠤ ᠰᠤᠯᠲᠠᠨᠢ ᠴᠡᠷᠢᠭ ᠢ ᠳᠣᠭᠣᠯᠠᠩ ᠲᠡᠮᠦᠷ ᠬᠠᠭᠠᠨᠢ ᠴᠡᠷᠢᠭ ᠳᠡᠶᠢᠯᠵᠦ ᠨᠢᠭᠡ ᠵᠢᠯ ᠡᠵᠡᠷᠬᠡᠭᠡᠳ ᠪᠤᠴᠠᠭᠠᠵᠤ ᠥᠭᠴᠡᠢ᠃

ᠣᠰᠠᠮᠠᠨ ᠤ ᠡᠵᠡᠨᠲᠦ ᠭᠦᠷᠦᠨ ᠮᠥᠬᠥᠵᠦ ᠡᠵᠡᠯᠡᠭᠳᠡᠬᠦ ᠳᠦ ᠦᠨᠳᠦᠰᠦᠨ ᠦ ᠬᠤᠪᠢᠰᠬᠠᠯ ᠢ ᠣᠷᠣᠶᠢᠯᠠᠭᠴᠢ ᠺᠧᠮᠠᠯ ᠠᠲ᠋ᠠᠲ᠋ᠶᠤᠶᠢᠷᠺ ᠡᠨᠳᠡ ᠪᠠᠶᠢᠷᠢᠯᠠᠵᠠᠢ᠃ ᠢᠩᠭᠢᠭᠰᠡᠨ ᠢᠶᠡᠷ ᠺᠣᠨᠰᠲ᠋ᠠᠨᠲ᠋ᠢᠨᠣᠫᠣᠯᠢ (ᠰᠲ᠋ᠠᠮᠪᠤᠯ) ᠍ ᠳᠦ ᠤᠯᠤᠰ ᠲᠥᠪᠯᠡᠬᠦ ᠪᠡᠨ ᠪᠣᠯᠢᠵᠤ᠂ 1923 ᠣᠨ ᠤ 10 ᠰᠠᠷ᠎ᠠ ᠶᠢᠨ 13 ᠍ ᠳᠦ ᠰᠢᠨ᠎ᠡ ᠲᠤᠯᠭᠤᠷ ᠲᠦᠷᠺ ᠤᠯᠤᠰ ᠤᠨ ᠨᠡᠶᠢᠰᠯᠡᠯ ᠢᠶᠡᠷ ᠠᠩ ᠢᠶᠠᠷ (ᠠᠨᠺᠠᠷᠠ) ᠍ ᠢ ᠵᠠᠷᠯᠠᠵᠠᠢ᠃[3]

ᠳᠤᠮᠳᠠᠳᠤ ᠵᠠᠭᠤᠨᠢ ᠧᠦ᠋ᠷᠣᠫᠠ ᠳᠤ ᠡᠨᠡ ᠪᠠᠯᠭᠠᠰᠤᠨ ᠢ Angora (ᠠᠩ ᠢᠶᠠᠷᠠ) ᠭᠡᠵᠦ ᠪᠠᠶᠢᠯ᠎ᠠ᠃ ᠡᠭᠦᠨ ᠢ ᠮᠣᠩᠭᠣᠯ ᠳᠤ ᠠᠩ ᠢᠶᠠᠷ ᠭᠡᠳᠡᠭ᠃ «ᠠᠩ ᠢᠶᠠᠷ ᠢᠮᠠᠭ᠎ᠠ»᠂ «ᠠᠩ ᠢᠶᠠᠷ ᠮᠤᠤᠷ» ᠭᠡᠬᠦ ᠮᠡᠲᠦ ᠮᠠᠯ ᠤᠨ ᠦᠢᠯᠡᠳᠦᠷ ᠦᠨ ᠨᠡᠷ᠎ᠡ ᠡᠭᠦᠨ ᠲᠡᠢ ᠬᠣᠯᠪᠣᠭᠠᠲᠠᠢ᠃ ᠲᠦᠷᠺ ᠤᠯᠤᠰ ᠤᠨ ᠵᠠᠰᠠᠭ ᠤᠨ ᠭᠠᠵᠠᠷ ᠠᠴᠠ ᠠᠩᠬᠠᠷᠤᠭᠰᠠᠨ ᠢᠶᠠᠷ 1930 ᠣᠨ ᠠᠴᠠ ᠣᠳᠣ ᠶᠢᠨ ᠢᠶᠠᠨ ᠠᠨᠺᠠᠷᠠ ᠨᠡᠷ᠎ᠡ ᠶᠢ ᠣᠯᠵᠠᠢ᠃[4]

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠨᠺᠠᠷᠠ ᠤᠯᠤᠰ ᠤᠨ ᠢᠶᠠᠨ ᠬᠣᠶᠠᠳᠤᠭᠠᠷ ᠶᠡᠬᠡ ᠬᠣᠲᠠ᠃ ᠲᠣᠳᠣᠷᠠᠭᠤᠯᠪᠠᠯ ᠳᠡᠭᠡᠷᠡᠬᠢ ᠰᠲ᠋ᠠᠮᠪᠤᠯᠠ ᠠᠴᠠ 3 ᠳᠠᠬᠢᠨ ᠴᠥᠭᠡᠨ᠂ ᠳᠣᠣᠷᠠᠬᠢ ᠢᠰᠮᠠᠷᠡ ᠡᠴᠡ 1 ᠰᠠᠶ᠎ᠠ ᠪᠠᠷ ᠣᠯᠠᠨ ᠬᠦᠮᠦᠨ ᠲᠡᠢ᠃ 2010 ᠣᠨ ᠳᠤ 4,431,719 ᠣᠷᠣᠰᠢᠨ ᠰᠠᠭᠤᠭᠴᠢ ᠲᠠᠢ ᠪᠠᠶᠢᠭᠰᠠᠨ᠃ [5] ᠨᠢᠭᠡ ᠬᠠᠪᠲᠠᠭᠠᠢ ᠳᠥᠷᠪᠡᠯᠵᠢᠨ ᠺᠢᠯᠣᠮᠧᠲ᠋ᠷ ᠭᠠᠵᠠᠷ ᠲᠤ 1,551 ᠬᠦᠮᠦᠨ ᠣᠨᠣᠭᠳᠠᠳᠠᠭ᠃

ᠠᠨᠺᠠᠷᠠᠭ ᠤᠨ ᠣᠷᠣᠰᠢᠨ ᠰᠠᠭᠤᠭᠴᠢ ᠶᠢᠨ ᠲᠣᠭ᠎ᠠ (1927-2010)
ᠣᠨ 1927 1950 1970 1985 2000 2010
ᠬᠦᠮᠦᠨ ᠦ ᠲᠣᠭ᠎ᠠ 75,000 287,000 1,209,000 2,251,533 3,703,362 4,431,719

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠠᠨᠺᠠᠷᠠ&oldid=405086》 ᠍  ᠡᠴᠡ ᠠᠪᠤᠭᠰᠠᠨ

ᠪᠢᠴᠢᠭᠡᠰᠦ