ᠠᠨᠳᠠᠷᠠ ᠫᠢᠷᠯᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠨᠳᠠᠷᠠ ᠫᠢᠷᠯᠠ
Andrea Pirlo Juventus.jpg
ᠫᠢᠷᠯᠠ 2012 ᠣᠨ ᠳᠤ᠃
ᠬᠤᠪᠢ ᠶᠢᠨ ᠮᠡᠳᠡᠭᠡᠯᠡᠯ
ᠪᠦᠲᠦᠨ ᠨᠡᠷ᠎ᠡᠠᠨᠳᠠᠷᠠ ᠫᠢᠷᠯᠠ[1]
ᠲᠦᠷᠦᠭᠰᠡᠨ ᠣᠩᠨᠠᠭ᠎ᠠ1979 ᠣᠨ ᠤ 5 ᠰᠠᠷ᠎ᠠ ᠶᠢᠨ 19 (1979-05-19) (40 ᠨᠠᠰᠣᠳᠠᠢ)
ᠲᠦᠷᠦᠭᠰᠡᠨ ᠭᠠᠵᠠᠷᠢᠲ᠋ᠠᠯᠢᠹᠯᠧᠷᠣ
ᠥᠨᠳᠥᠷ1.77 ᠮ (5 ᠹᠦᠲ 10 ᠢᠨᠴᠢ)[2]
ᠪᠠᠶᠢᠷᠢᠯᠠᠯᠬᠠᠭᠠᠰ ᠬᠠᠮᠠᠭᠠᠯᠠᠭᠴᠢ
ᠪᠠᠭ ᠤᠨ ᠮᠡᠳᠡᠭᠡᠯᠡᠯ
ᠣᠳᠣ ᠶᠢᠨ ᠪᠠᠭᠶᠸᠧᠩᠲᠤᠰ
ᠳ᠋ᠤᠭᠠᠷ21
ᠥᠰᠪᠦᠷᠢ ᠶᠢᠨ ᠪᠠᠭ
1994–1995ᠪᠷᠧᠱᠢᠶ᠎ᠠ
ᠮᠡᠷᠭᠡᠵᠢᠯ ᠦᠨ ᠵᠠᠮᠨᠠᠯ*
ᠣᠨᠪᠠᠭᠣᠷᠣᠯᠴᠠᠭᠰᠠᠨ ᠤᠳᠠᠭ᠎ᠠ (ᠪᠥᠮᠪᠥᠭᠡ)
1995–1998ᠪᠷᠧᠱᠢᠶ᠎ᠠ47(6)
1998–2001ᠢᠨᠲ᠋ᠧᠷ22(0)
1999–2000ᠷᠧᠵᠢᠨ᠎ᠠ
(ᠵᠡᠭᠡᠯᠢ)
28(6)
2001ᠪᠷᠧᠱᠢᠶ᠎ᠠ
(ᠵᠡᠭᠡᠯᠢ)
10(0)
2001–2011ᠮᠢᠯᠠᠨ284(32)
2011–ᠶᠸᠧᠩᠲᠤᠰ99(12)
ᠰᠢᠭᠰᠢᠭᠡ ᠪᠠᠭ
1993-1994ᠢᠲ᠋ᠠᠯᠢ (15-)3(0)
1994-1995ᠢᠲ᠋ᠠᠯᠢ (16-)6(2)
1995-1996ᠢᠲ᠋ᠠᠯᠢ (17-)4(0)
1996–1997ᠢᠲ᠋ᠠᠯᠢ (18-)18(7)
1998–2002ᠢᠲ᠋ᠠᠯᠢ (21-)37(15)
2000–2004ᠢᠲ᠋ᠠᠯᠢ ᠶᠢᠨ
ᠣᠯᠢᠮᠫᠢᠺ ᠤᠨ ᠪᠠᠭ
9(1)
2002–ᠢᠲ᠋ᠠᠯᠢ109(13)
* ᠮᠡᠷᠭᠡᠵᠢᠯ ᠦᠨ ᠵᠠᠮᠨᠠᠯ ᠤᠨ ᠲᠣᠭᠯᠠᠯᠲᠠ ᠶᠢᠨ (ᠭᠣᠣᠯ) ᠦᠵᠡᠭᠦᠯᠦᠯᠲᠡ ᠶᠢ ᠳᠣᠲᠣᠭᠠᠳᠤ ᠶᠢᠨ ᠯᠢᠭ ᠲᠡᠢ ᠨᠢ ᠤᠶᠠᠯᠳᠤᠭᠤᠯᠤᠭᠰᠠᠨ ᠪᠣᠯᠤᠨ᠎ᠠ᠃ ᠰᠡᠭᠦᠯ ᠳᠦ ᠰᠢᠨᠡᠴᠢᠯᠡᠭᠰᠡᠨ: 2014 ᠣᠨ ᠤ 5 ᠰᠠᠷ᠎ᠠ ᠶᠢᠨ 18.

† ᠭᠠᠷ ᠢᠶᠠᠨ (ᠭᠣᠣᠯ).

‡ ᠰᠢᠭᠰᠢᠭᠡ ᠪᠠᠭ ᠤᠨ ᠭᠠᠷ ᠢᠶᠠᠨ ᠪᠣᠯᠤᠨ ᠭᠣᠣᠯ ᠢ ᠰᠡᠭᠦᠯ ᠳᠦ ᠰᠢᠨᠡᠴᠢᠯᠡᠭᠰᠡᠨ: 2014 ᠣᠨ ᠤ 6 ᠰᠠᠷ᠎ᠠ ᠶᠢᠨ 11

ᠠᠨᠳᠠᠷᠠ ᠫᠢᠷᠯᠠ (ᠢᠲ᠋ᠠᠯᠢ ᠪᠡᠷ Andrea Pirlo, 1979 ᠣᠨ ᠤ ᠲᠠᠪᠤᠳᠤᠭᠠᠷ ᠰᠠᠷ᠎ᠠ ᠶᠢᠨ 19 ᠍ ᠳᠤ ᠹᠯᠧᠷᠣ ᠬᠣᠳᠠ ᠳᠤ ᠲᠦᠷᠦᠭᠰᠡᠨ) — ᠢᠲ᠋ᠠᠯᠢ ᠍ ᠶᠢᠨ ᠬᠥᠯ ᠪᠥᠮᠪᠥᠭᠡᠴᠢᠨ ᠪᠥᠭᠡᠳ ᠶᠸᠧᠩᠲᠤᠰ ᠪᠣᠯᠤᠨ ᠢᠲ᠋ᠠᠯᠢ ᠶᠢᠨ ᠰᠢᠭᠰᠢᠭᠡᠨ ᠬᠠᠭᠠᠰ ᠬᠠᠮᠠᠭᠠᠯᠠᠭᠴᠢ ᠶᠤᠮ᠃ ᠲᠡᠷᠡᠪᠡᠷ ᠳᠡᠯᠡᠬᠡᠢᠨ ᠰᠢᠯᠢᠳᠡᠭ ᠨᠠᠶᠢᠷᠠᠭᠤᠯᠤᠨ ᠲᠣᠭᠯᠠᠭᠴᠢ ᠶᠢᠨ ᠨᠢᠭᠡ ᠪᠥᠭᠡᠳ ᠦᠨᠳᠦᠰᠦᠨ ᠪᠠᠶᠢᠷᠢᠯᠠᠯ ᠤᠨ ᠴᠣᠬᠢᠯᠲᠠ ᠨᠤᠭᠤᠳ ᠢ ᠭᠠᠷᠮᠠᠭᠠᠢ ᠭᠦᠢᠴᠡᠳᠭᠡᠳᠡᠭ ᠢᠶᠡᠷ ᠢᠶᠡᠨ ᠨᠡᠩ ᠠᠯᠳᠠᠷᠲᠠᠢ ᠪᠢᠯᠡ᠃

ᠺᠯᠥ᠋ᠪ[ᠵᠠᠰᠠᠪᠤᠷᠢᠯᠠᠬᠤ | ᠺᠣᠳ᠋ ᠢᠶᠠᠷ ᠵᠠᠰᠠᠬᠣ]

16 ᠨᠠᠰᠤ ᠲᠠᠢ ᠳᠠᠭᠠᠨ ᠮᠡᠷᠭᠡᠵᠢᠯ ᠦᠨ ᠭᠡᠷ᠎ᠡ ᠪᠡᠨ ᠪᠠᠶᠢᠭᠤᠯᠵᠤ ᠪᠠᠶᠢᠭᠰᠠᠨ ᠫᠢᠷᠯᠠ 1998 ᠣᠨ ᠳᠤ ᠢᠨᠲ᠋ᠧᠷ ᠪᠠᠭ ᠲᠤ ᠢᠷᠡᠭᠰᠡᠨ ᠪᠠᠶᠢᠳᠠᠭ᠃ ᠬᠡᠳᠦᠢ ᠡᠨᠳᠡ ᠥᠩᠭᠡᠷᠡᠭᠦᠯᠦᠭᠰᠡᠨ ᠭᠤᠷᠪᠠᠨ ᠵᠢᠯ ᠳᠤ ᠰᠡᠯᠭᠦᠭᠡᠨ ᠦ ᠲᠣᠭᠯᠠᠭᠴᠢ ᠪᠠᠶᠢᠵᠤ ᠪᠷᠧᠱᠢᠶ᠎ᠠᠷᠧᠵᠢᠨ᠎ᠠ ᠭᠡᠰᠡᠨ ᠪᠠᠭ ᠤᠳ ᠲᠤ ᠵᠡᠭᠡᠯᠢ ᠪᠡᠷ ᠲᠣᠭᠯᠠᠵᠤ ᠴᠤ ᠤᠷ᠎ᠠ ᠴᠢᠳᠠᠪᠤᠷᠢ᠂ ᠲᠤᠷᠰᠢᠯᠭ᠎ᠠ ᠶᠢ ᠬᠤᠷᠠᠮᠲᠤᠯᠠᠭᠤᠯᠤᠭᠰᠠᠭᠠᠷ ᠯᠠ ᠪᠠᠶᠢᠭᠰᠠᠨ ᠶᠤᠮ᠃ ᠲᠤᠬᠠᠢ ᠶᠢᠨ ᠦᠶ᠎ᠡ ᠳᠦ ᠰᠢᠨ᠎ᠡ ᠪᠦᠷᠢᠯᠳᠦᠬᠦᠨ ᠢ ᠪᠦᠷᠢᠳᠦᠭᠦᠯᠵᠦ ᠯᠢᠭ ᠲᠦ ᠪᠡᠨ ᠲᠡᠰᠦᠷᠡᠯᠲᠡ ᠬᠢᠬᠦ ᠶᠢ ᠵᠣᠷᠢᠵᠤ ᠪᠠᠶᠢᠭᠰᠠᠨ ᠮᠢᠯᠠᠨ ᠪᠠᠭ ᠫᠢᠷᠯᠠᠭ ᠣᠨᠢᠯᠠᠵᠤ 2001 ᠣᠨ ᠤ ᠵᠢᠷᠭᠤᠳᠠᠤᠭᠠᠷ ᠰᠠᠷ᠎ᠠ ᠶᠢᠨ 30 ᠍ ᠳᠦ 18 ᠰᠠᠶ᠎ᠠ ᠧᠦ᠋ᠷᠣ ᠶᠢ ᠢᠶᠠᠷ ᠰᠣᠯᠢᠯᠴᠠᠭᠠᠨ ᠤ ᠴᠣᠩᠬᠣ ᠶᠠᠭ ᠬᠠᠭᠠᠭᠳᠠᠬᠤ ᠶᠢᠨ ᠡᠮᠦᠨ᠎ᠡ ᠡᠩᠨᠡᠭᠡᠨ ᠳᠦ ᠪᠡᠨ ᠡᠯᠰᠡᠭᠦᠯᠦᠭᠰᠡᠨ ᠪᠠᠶᠢᠳᠠᠭ᠃[3] ᠮᠢᠯᠠᠨ ᠳᠤ ᠢᠷᠡᠭᠡᠳ ᠮᠠᠰᠢ ᠬᠤᠷᠳᠤ ᠲᠠᠢ ᠪᠠᠷ ᠪᠠᠭ ᠤᠨ ᠬᠢᠨ ᠲᠠᠢ ᠪᠠᠨ ᠣᠶᠢᠯᠠᠭᠠᠯᠴᠠᠨ ᠲᠣᠭᠯᠠᠯᠲᠠ ᠶᠢᠨ ᠢᠳᠡᠪᠬᠢ᠂ ᠴᠢᠷᠮᠠᠶᠢᠯᠲᠠ ᠶᠢ ᠭᠠᠷᠭᠠᠭᠤᠨ ᠬᠠᠷᠠᠭᠤᠯᠵᠤ ᠲᠣᠭᠯᠠᠭᠰᠠᠭᠠᠷ ᠠᠷᠪᠠᠨ ᠵᠢᠯ ᠢ ᠥᠩᠭᠡᠷᠡᠭᠦᠯᠵᠡᠢ᠃ ᠤᠯᠤᠰ ᠤᠨ ᠪᠣᠯᠤᠨ ᠧᠦ᠋ᠷᠣᠫᠠ ᠍ ᠤᠨ ᠪᠦᠬᠦ ᠲᠣᠮᠣ ᠲᠡᠮᠡᠴᠡᠭᠡᠨ ᠨᠦᠭᠦᠳ ᠲᠦ ᠤᠳᠠᠭ᠎ᠠ ᠳᠠᠷᠠᠭᠠᠯᠠᠨ ᠲᠦᠷᠦᠭᠦᠯᠡᠵᠦ 2006, 2007 ᠣᠨ ᠨᠤᠭᠤᠳ ᠲᠤ ᠳᠡᠯᠡᠬᠡᠢ ᠶᠢᠨ ᠴᠢᠨᠰᠠᠭ᠎ᠠ ᠶᠢ ᠠᠮᠠᠨ ᠬᠥᠵᠦᠭᠦᠳᠡᠵᠦ ᠪᠠᠶᠢᠯ᠎ᠠ᠃ 2011 ᠣᠨ ᠳᠤ ᠮᠢᠯᠠᠨ ᠠᠴᠠ ᠥᠪᠡᠷ ᠦᠨ ᠬᠦᠰᠡᠯᠲᠦ ᠪᠡᠷ ᠶᠸᠧᠩᠲᠤᠰ 2014 ᠣᠨ ᠢ ᠬᠦᠷᠲᠡᠯ᠎ᠡ ᠲᠣᠭᠯᠠᠬᠤ ᠪᠠᠷ ᠦᠨ᠎ᠡ ᠦᠭᠡᠢ ᠮᠠᠶᠢᠮᠠᠭ᠎ᠠ ᠪᠠᠷ ᠢᠷᠡᠵᠡᠢ᠃[4] ᠰᠢᠨ᠎ᠡ ᠪᠠᠭ ᠲᠠᠢ ᠪᠠᠨ ᠰᠧᠷᠢ᠎ᠠ ᠳᠦ ᠬᠣᠶᠠᠷ ᠴᠤ ᠤᠳᠠᠭ᠎ᠠ ᠳᠠᠷᠠᠭᠠᠯᠠᠨ ᠲᠦᠷᠦᠭᠦᠯᠡᠵᠦ ᠭᠤᠷᠪᠠᠨ ᠴᠤ ᠴᠣᠮᠣ ᠶᠢᠨ ᠡᠵᠡᠨ ᠪᠣᠯᠤᠭᠠᠳ ᠠᠪᠤᠭᠰᠠᠨ ᠶᠤᠮ᠃ ᠫᠢᠷᠯᠠ ᠳᠣᠪᠲᠣᠯᠭᠠᠨ ᠤ ᠪᠥᠰᠡ ᠳᠦ ᠢᠳᠡᠪᠬᠢ ᠲᠡᠢ ᠲᠣᠭᠯᠠᠬᠤ ᠪᠣᠯᠰᠠᠨ᠎ᠠ ᠪᠠᠷ ᠭᠣᠣᠯ ᠤᠷᠤᠭᠤᠯᠬᠤ ᠨᠢ ᠥᠰᠴᠢ ᠪᠠᠶᠢᠭᠰᠠᠨ ᠴᠤ ᠲᠡᠭᠦᠨ ᠦ ᠦᠨᠳᠦᠰᠦᠨ ᠭᠣᠣᠯ ᠦᠵᠡᠭᠦᠯᠦᠯᠲᠡ ᠪᠣᠯ ᠳᠠᠮᠵᠢᠭᠤᠯᠤᠯᠲᠠ ᠶᠢᠨ ᠬᠤᠪᠢ᠂ ᠪᠥᠮᠪᠥᠭᠡ ᠲᠠᠰᠤᠯᠤᠯᠲᠠ ᠵᠡᠷᠭᠡ ᠪᠡᠷ ᠲᠣᠳᠣᠷᠬᠠᠶᠢᠯᠠᠭᠳᠠᠵᠤ ᠪᠠᠶᠢᠪᠠ᠃ ᠧᠦ᠋ᠷᠣᠫᠠ ᠍ ᠤᠨ ᠰᠢᠯᠢᠳᠡᠭ ᠬᠠᠭᠠᠰ ᠬᠠᠮᠠᠭᠠᠯᠠᠭᠴᠢ ᠬᠠᠪᠢᠭᠡᠶᠢᠨ ᠤᠳᠤᠭᠠᠳ ᠫᠢᠷᠯᠠ ᠪᠢᠴᠢᠭᠳᠡᠳᠡᠭ᠃ ᠮᠥᠨ ᠢᠲ᠋ᠠᠯᠢ ᠳᠤ ᠬᠠᠮᠤᠭ ᠤᠨ ᠣᠯᠠᠨ ᠴᠣᠮᠣ᠂ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠠᠪᠤᠭᠰᠠᠨ ᠦᠵᠡᠭᠦᠯᠦᠯᠲᠡ ᠪᠡᠷ ᠢᠶᠡᠨ ᠭᠤᠷᠪᠠᠳᠤᠭᠠᠷ ᠲᠤ ᠪᠢᠴᠢᠭᠳᠡᠵᠦ ᠪᠤᠢ᠃

ᠰᠢᠭᠰᠢᠭᠡ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠢᠷᠯᠠ 2002 ᠣᠨ ᠤ ᠶᠢᠰᠦᠳᠦᠭᠡᠷ ᠰᠠᠷ᠎ᠠ ᠳᠤ ᠰᠢᠭᠰᠢᠭᠡ ᠪᠠᠭ ᠳᠠᠬᠢ ᠠᠩᠬᠠᠨ ᠤ ᠭᠠᠷᠤᠭ᠎ᠠ ᠪᠠᠨ ᠬᠢᠭᠰᠡᠨ ᠡᠴᠡ ᠬᠣᠶᠢᠰᠢ 100 ᠳᠠᠪᠠᠭᠰᠠᠨ ᠲᠣᠭᠯᠠᠯᠲᠠᠨ ᠳᠤ ᠣᠷᠣᠯᠴᠠᠵᠠᠢ᠃ ᠣᠯᠢᠮᠫᠢᠺᠳᠡᠯᠡᠬᠡᠢᠧᠦ᠋ᠷᠣᠫᠠ ᠶᠢᠨ ᠲᠡᠮᠡᠴᠡᠭᠡᠨ ᠨᠦᠭᠦᠳ ᠡᠴᠡ ᠮᠧᠳᠠᠯ ᠬᠦᠷᠲᠡᠭᠰᠡᠨ ᠲᠡᠷᠡ ᠪᠡᠷ ᠰᠢᠭᠰᠢᠭᠡ ᠪᠠᠭ ᠤᠨ ᠢᠶᠠᠨ ᠲᠦᠯᠬᠢᠭᠦᠷ ᠲᠣᠭᠯᠠᠭᠴᠢ ᠨᠢ ᠪᠢᠯᠡ᠃

ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠢᠯᠠᠨ
ᠶᠸᠧᠩᠲᠤᠰ
ᠢᠲ᠋ᠠᠯᠢ ᠶᠢᠨ ᠰᠢᠭᠰᠢᠭᠡ ᠪᠠᠭ

ᠬᠤᠪᠢ ᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠢᠯᠠᠨ
ᠶᠸᠧᠩᠲᠤᠰ

ᠲᠥᠷᠥ ᠶᠢᠨ ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ITA OMRI 2001 Cav BAR.svg ᠢᠲ᠋ᠠᠯᠢ ᠶᠢᠨ ᠪᠦᠭᠦᠳᠡ ᠨᠠᠶᠢᠷᠠᠮᠳᠠᠬᠤ ᠤᠯᠤᠰ ᠤᠨ ᠠᠯᠳᠠᠷ ᠤᠨ ᠣᠳᠣᠨ (ᠺᠠᠸᠠᠯᠧᠷ) (2004)
  • ITA OMRI 2001 Uff BAR.svg ᠢᠲ᠋ᠠᠯᠢ ᠶᠢᠨ ᠪᠦᠭᠦᠳᠡ ᠨᠠᠶᠢᠷᠠᠮᠳᠠᠬᠤ ᠤᠯᠤᠰ ᠤᠨ ᠠᠯᠳᠠᠷ ᠤᠨ ᠣᠳᠣᠨ (ᠣᠹᠢᠼᠧᠷ) (2006)
  • Friedrich Order.png
    ᠰᠫᠣᠷᠲ ᠤᠨ ᠦᠨᠡᠮᠯᠡᠬᠦᠢ ᠠᠯᠳᠠᠷᠲᠠᠨ ᠤ ᠱᠠᠩᠨᠠᠯ (2006)

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. FIFA World Cup South Africa 2010 – List of Players (PDF). Fédération Internationale de Football Association (FIFA). 5 June 2013 ᠍ ᠳᠦ ᠬᠠᠨᠳᠤᠭᠰᠠᠨ᠃
  2. Andrea Pirlo. juventus.com. 23 March 2013 ᠍ ᠳᠦ ᠬᠠᠨᠳᠤᠭᠰᠠᠨ᠃
  3. "L'Inter ha ceduto pirlo al Milan", inter.it, 30 June 2001. 2010-02-03 ᠍ ᠳᠦ ᠠᠪᠤᠭᠰᠠᠨ᠃ (Italian) 
  4. "Andrea Pirlo signs for Juventus", Juventus official website, 24 May 2010. 2011-05-24 ᠍ ᠳᠦ ᠠᠪᠤᠭᠰᠠᠨ᠃ 
  5. The World's best Playmaker. IFFHS. the original on 2012-02-22 ᠍ ᠰ ᠠᠷᠬᠢᠸᠯᠠᠭᠳᠠᠭᠰᠠᠨ᠃ 2011-5-20 ᠍ ᠳᠦ ᠬᠠᠨᠳᠤᠭᠰᠠᠨ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ