ᠠᠨᠳᠠᠷᠠ ᠪᠠᠷᠨᠢᠨᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Andrea Bargnani.JPG

ᠠᠨᠳᠠᠷᠠ ᠪᠠᠷᠨᠢᠨᠢ (ᠢᠲ᠋ᠠᠯᠢ ᠪᠡᠷ Andrea Bargnani, 1985 ᠣᠨ ᠤ ᠵᠢᠷᠭᠤᠳᠠᠤᠭᠠᠷ ᠰᠠᠷ᠎ᠠ ᠶᠢᠨ 26 ᠍ ᠳᠦ ᠷᠢᠮ ᠬᠣᠳᠠ ᠳᠤ ᠲᠦᠷᠦᠭᠰᠡᠨ) — ᠢᠲ᠋ᠠᠯᠢᠡᠶᠢᠨ ᠰᠠᠭᠰᠤᠨ ᠪᠥᠮᠪᠥᠭᠡᠴᠢᠨ ᠪᠥᠭᠡᠳ ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠨᠶᠤ ᠢᠣᠷᠺ ᠨᠢᠺᠰ ᠪᠣᠯᠤᠨ ᠢᠲ᠋ᠠᠯᠢ ᠶᠢᠨ ᠰᠢᠭᠰᠢᠭᠡ ᠪᠠᠭ ᠤᠨ ᠲᠥᠪ ᠦᠨ ᠲᠣᠭᠯᠠᠭᠴᠢ ᠶᠤᠮ᠃ ᠢᠲ᠋ᠠᠯᠢ ᠶᠢᠨ ᠰᠲ᠋ᠧᠯᠯᠠ ᠠᠽᠤᠷᠠ (20022003), ᠪᠧᠨ᠋ᠧᠲ᠋ᠳᠤᠨ ᠲᠷᠧᠸᠢᠽᠣ (2003—2006) ᠪᠠᠭ ᠤᠳ ᠲᠤ ᠲᠣᠭᠯᠠᠵᠤ ᠪᠠᠶᠢᠭᠠᠳ ᠳ᠋ᠷᠠᠹᠲ ᠍ ᠤᠨ №1 ᠍ ᠪᠡᠷ ᠲᠣᠷᠣᠨᠲ᠋ᠣ ᠷᠧᠫᠲ᠋ᠣᠷᠰ (2006—2013) ᠪᠠᠭ ᠲᠤ ᠰᠣᠩᠭᠣᠭᠳᠠᠭᠰᠠᠨ ᠪᠠᠶᠢᠳᠠᠭ᠃[1] 2008 ᠣᠨ ᠤ ᠠᠷᠪᠠᠨ ᠨᠢᠭᠡᠳᠦᠭᠡᠷ ᠰᠠᠷ᠎ᠠ ᠶᠢᠨ 21 ᠍ ᠳᠦ ᠨᠶᠤ ᠵᠧᠷᠰᠢ ᠨᠧᠲ᠋ᠰ ᠪᠠᠭ ᠤᠨ ᠡᠰᠡᠷᠬᠦ ᠲᠣᠭᠯᠠᠯᠲᠠᠨ ᠳᠤ 29 ᠣᠨᠣᠭ᠎ᠠ᠂ 10 ᠰᠠᠮᠪᠠᠷ᠎ᠠ ᠠᠴᠠ ᠪᠥᠮᠪᠥᠭᠡ ᠠᠪᠤᠯᠲᠠ ᠬᠢᠭᠰᠡᠨ ᠨᠢ ᠲᠡᠭᠦᠨ ᠦ ᠥᠨᠳᠥᠷ ᠠᠮᠵᠢᠯᠲᠠ ᠨᠢ ᠪᠠᠶᠢᠪᠠ᠃[2] ᠲᠡᠭᠦᠨᠴᠢᠯᠡᠨ 2012 ᠣᠨ ᠤ ᠭᠤᠷᠪᠠᠳᠤᠭᠠᠷ ᠰᠠᠷ᠎ᠠ ᠶᠢᠨ 28 ᠍ ᠳᠤ ᠳᠧᠨᠸᠧᠷ ᠨ ᠠᠭᠧᠲ᠋ᠰᠡᠶᠢᠨ ᠡᠰᠡᠷᠬᠦ 26 ᠣᠨᠣᠭ᠎ᠠ ᠠᠪᠴᠤ ᠷᠧᠫᠲ᠋ᠣᠷᠰ ᠦᠨ ᠲᠡᠦᠬᠡᠨ ᠳᠦ 6000 ᠍ ᠠᠴᠠ ᠳᠡᠭᠡᠭᠰᠢ ᠣᠨᠣᠭ᠎ᠠ ᠠᠪᠤᠭᠰᠠᠨ 4 ᠳ᠋ᠡᠬᠢ ᠲᠣᠭᠯᠠᠭᠴᠢ ᠪᠣᠯᠵᠤ ᠪᠠᠶᠢᠴᠠᠢ᠃[3] ᠪᠠᠷᠨᠢᠨᠢ 2013 ᠣᠨ ᠤ ᠳᠣᠯᠣᠭ᠎ᠠ ᠳᠤᠭᠠᠷ ᠰᠠᠷ᠎ᠠ ᠶᠢᠨ 10 ᠍ ᠳᠤ ᠲᠣᠭᠯᠠᠭᠴᠢ ᠰᠣᠯᠢᠯᠴᠠᠭᠠᠨ ᠤ ᠮᠠᠶᠢᠮᠠᠭ᠎ᠠ ᠪᠠᠷ ᠢᠷᠡᠵᠡᠢ᠃[4]

ᠰᠢᠭᠰᠢᠭᠡ ᠪᠠᠭ ᠲᠠᠢ ᠪᠠᠨ 2006 ᠣᠨ ᠤ ᠧᠦ᠋ᠷᠣᠯᠢᠭ ᠲᠤ ᠲᠦᠷᠦᠭᠦᠯᠡᠵᠦ ᠪᠠᠶᠢᠭᠰᠠᠨ ᠪᠠ ᠳᠣᠪᠲᠣᠯᠤᠭᠴᠢ ᠶᠢᠨ ᠪᠠᠶᠢᠷᠢᠯᠠᠯ ᠳᠤ ᠵᠠᠷᠢᠮ ᠳᠤ ᠪᠠᠨ ᠲᠣᠭᠯᠠᠵᠤ ᠳᠤᠮᠳᠠ ᠶᠢᠨ ᠪᠣᠯᠤᠨ ᠬᠣᠯᠠ ᠶᠢᠨ ᠵᠠᠢ ᠶᠢᠨ ᠰᠢᠳᠡᠯᠲᠡ ᠶᠢ ᠰᠠᠶᠢᠨ ᠭᠦᠢᠴᠡᠳᠭᠡᠳᠡᠭ᠃

ᠲᠣᠪᠴᠢ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠥᠨᠳᠦᠷ — 213 ᠰᠮ
  • ᠵᠢᠩ — 113 ᠺᠭ
  • ᠡᠮᠦᠰᠬᠡᠯ ᠦᠨ ᠳ᠋ᠤᠭᠠᠷ — 77

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠠᠨᠳᠠᠷᠠ ᠪᠠᠷᠨᠢᠨᠢ»

ᠵᠠᠭᠪᠤᠷ:NBA ᠍ ᠤᠨ ᠳ᠋ᠷᠠᠹᠲ ᠵᠠᠭᠪᠤᠷ:NBA ᠍ ᠦᠨ ᠳ᠋ᠷᠠᠹᠲ ᠢ ᠲᠡᠷᠢᠭᠦᠯᠡᠭᠴᠢᠳ

ᠪᠢᠴᠢᠭᠡᠰᠦ