ᠠᠨᠲ᠋ᠣᠨᠢᠨᠢ ᠫᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠷᠤᠮᠠᠨᠢᠶ ᠠ ᠡᠵᠡᠨ ᠬᠠᠭᠠᠨ ᠠᠨᠲ᠋ᠣᠨᠢᠨᠢ ᠫᠢᠭ ᠦᠨ ᠴᠡᠭᠡᠵᠢ ᠪᠠᠷᠢᠮᠠᠯ; ᠺᠢᠷᠧᠨᠧ᠂ ᠤᠮᠠᠷᠠᠳᠤ ᠠᠹᠷᠢᠺᠠ (ᠪᠷᠢᠲ᠋ᠠᠨ ᠦ ᠮᠦᠽᠧᠢ)

ᠠᠨᠲ᠋ᠣᠨᠢᠨᠢ ᠫᠢ ᠨᠢ (ᠠᠩᠭᠯᠢ ᠬᠡᠯᠡ:Antoninus Pius ᠪᠦᠲᠦᠨ ᠢᠶᠡᠷ Caesar Titus Aelius Hadrianus Antoninus Augustus Pius) (МЭ 86 ᠣᠨ ᠤ ᠶᠢᠰᠦᠳᠦᠭᠡᠷ ᠰᠠᠷ᠎ᠠ ᠶᠢᠨ 19 ᠍ ᠍ ᠍ ᠳᠦ ᠯᠠᠲ᠋ᠢᠤᠮ ᠤᠨ ᠯᠠᠸᠢᠨᠢᠦᠶᠢᠮ ᠳᠦ ᠲᠥᠷᠦᠵᠢ᠂ МЭ 161 ᠣᠨ ᠤ ᠭᠤᠷᠪᠠᠳᠤᠭᠠᠷ ᠰᠠᠷ᠎ᠠ ᠶᠢᠨ 7 ᠍ ᠍ ᠍ ᠳᠦ ᠡᠲᠷᠤᠷ ᠤᠨ ᠯᠤᠷᠢᠦᠶᠢᠮ ᠳᠦ ᠨᠠᠰᠤ ᠪᠠᠷᠠᠭᠰᠠᠨ᠃) ᠷᠤᠮᠠᠨᠢᠶ ᠠ ᠡᠵᠡᠨ ᠬᠠᠭᠠᠨ (МЭ 138–161 ᠣᠨ) ᠶᠤᠮ᠃ ᠭᠠᠯᠯ ᠭᠠᠷᠤᠯ ᠲᠠᠢ ᠲᠡᠷᠡ ᠪᠡᠷ ᠢᠲ᠋ᠠᠯᠢ ᠳᠤ ᠰᠢᠭᠦᠬᠦ ᠪᠠᠶᠢᠭᠤᠯᠤᠯᠭ᠎ᠠ ᠳᠤ ᠠᠵᠢᠯᠯᠠᠵᠤ ᠪᠠᠶᠢᠭᠠᠳ 120 ᠣᠨ ᠳᠤ ᠺᠣᠨᠰᠤᠶᠢᠯ ᠢᠶᠠᠷ ᠰᠣᠩᠭᠣᠭᠳᠠᠵᠠᠢ᠃ ᠳᠠᠷᠠᠭ᠎ᠠ ᠨᠢ ᠠᠽᠢᠶ᠎ᠠ ᠶᠢᠨ ᠮᠤᠵᠢ ᠶᠢᠨ ᠵᠠᠬᠢᠷᠤᠭᠴᠢ ᠪᠠᠷ (134 ᠣᠨ ᠤ ᠣᠷᠴᠢᠮ) ᠠᠵᠢᠯᠯᠠᠵᠤ ᠪᠠᠶᠢᠪᠠ᠃ ᠤᠳᠠᠯ ᠦᠭᠡᠢ ᠠᠨᠲ᠋ᠣᠨᠢᠨᠢ ᠡᠵᠡᠨ ᠬᠠᠭᠠᠨ ᠬᠠᠳᠠᠷᠢᠨᠢ ᠵᠥᠪᠯᠡᠬᠦ ᠪᠣᠯᠵᠤ᠂ 138 ᠣᠨ ᠳᠤ ᠲᠡᠭᠦᠨ ᠦ ᠵᠠᠯᠭᠠᠮᠵᠢᠯᠠᠭᠴᠢ ᠪᠠᠷ ᠲᠣᠳᠣᠷᠠᠪᠠ᠃ ᠲᠡᠭᠦᠨ ᠢ ᠨᠠᠰᠤ ᠨᠥᠭᠴᠢᠬᠦ ᠳᠦ ᠪᠤᠷᠬᠠᠨᠴᠢᠯᠠᠨ ᠰᠢᠲᠦᠵᠦ᠂ ᠫᠢᠤᠰ (《ᠦᠨᠡᠨ ᠰᠦᠰᠦᠭᠲᠦ》) ᠬᠡᠮᠡᠨ ᠨᠡᠷᠡᠶᠢᠳᠬᠦ ᠪᠣᠯᠵᠠᠢ᠃ ᠲᠡᠷᠡᠪᠡᠷ ᠪᠷᠢᠲ᠋ᠠᠨᠢ ᠪᠣᠯᠤᠨ ᠪᠤᠰᠤᠳ ᠮᠤᠵᠢ ᠨᠤᠭᠤᠳ ᠲᠤ ᠭᠠᠷᠤᠭᠰᠠᠨ ᠪᠣᠰᠤᠯᠭ᠎ᠠ ᠨᠤᠭᠤᠳ ᠢ ᠨᠣᠮᠣᠬᠠᠳᠬᠠᠵᠤ᠂ ᠠᠨᠲ᠋ᠣᠨᠢᠨ ᠤ ᠬᠠᠨ ᠢ ᠪᠠᠷᠢᠭᠤᠯᠵᠠᠢ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ