ᠠᠨᠲ᠋ᠢᠬᠤ IV ᠡᠫᠢᠹᠠᠨᠧᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠨᠲ᠋ᠢᠬᠤ IV ᠬᠠᠭᠠᠨ ᠤ ᠵᠣᠭᠣᠰ

ᠠᠨᠲ᠋ᠢᠬᠤ IV ᠡᠫᠢᠹᠠᠨᠧᠰ ᠨᠢ (ᠠᠩᠭᠯᠢ ᠬᠡᠯᠡ:Antiochus IV Epiphanes) (ᠮᠠᠨ ᠤ ᠡᠷᠡᠨ ᠦ ᠡᠮᠦᠨ᠎ᠡ 215 ᠣᠨ ᠤ ᠣᠷᠴᠢᠮ ᠳᠤ ᠲᠥᠷᠦᠵᠢ᠂ ᠮᠠᠨ ᠤ ᠡᠷᠡᠨ ᠦ ᠡᠮᠦᠨ᠎ᠡ 164 ᠣᠨ ᠳᠤ ᠢᠷᠡᠨᠢ ᠲᠠᠪ ᠢᠶ᠎ᠡ ᠳᠦ ᠨᠠᠰᠤ ᠪᠠᠷᠠᠭᠰᠠᠨ᠃) ᠰᠢᠷᠢᠢ ᠠ ᠍ ᠍ ᠍ ᠶᠢᠨ ᠡᠯᠯᠢᠨ ᠬᠠᠭᠠᠨᠲᠤ ᠤᠯᠤᠰ ᠤᠨ ᠰᠧᠯᠧᠸᠬᠢᠳ ᠬᠠᠭᠠᠨ (ᠮᠠᠨ ᠤ ᠡᠷᠡᠨ ᠦ ᠡᠮᠦᠨ᠎ᠡ 175 – ᠮᠠᠨ ᠤ ᠡᠷᠡᠨ ᠦ ᠡᠮᠦᠨ᠎ᠡ 164 ᠣᠨ) ᠶᠤᠮ᠃ ᠠᠨᠲ᠋ᠢᠬᠤ III –ᠡᠶᠢᠨ ᠬᠦᠦ ᠲᠡᠷᠡ ᠪᠡᠷ ᠷᠤᠮᠠ ᠍ ᠍ ᠍ ᠤᠨ ᠪᠠᠷᠢᠴᠠᠭᠠᠨ ᠳᠤ ᠪᠠᠶᠢᠭᠰᠠᠨ (ᠮᠠᠨ ᠤ ᠡᠷᠡᠨ ᠦ ᠡᠮᠦᠨ᠎ᠡ 189 – ᠮᠠᠨ ᠤ ᠡᠷᠡᠨ ᠦ ᠡᠮᠦᠨ᠎ᠡ 175 ᠣᠨ) ᠲᠤᠯᠠ ᠷᠤᠮᠠᠨᠢᠶ ᠠ ᠲᠥᠷᠥ ᠶᠢᠨ ᠪᠦᠲᠦᠴᠡ ᠡᠴᠡ ᠰᠤᠷᠤᠯᠴᠠᠵᠠᠢ᠃ ᠴᠢᠯᠦᠭᠡᠯᠡᠭᠳᠡᠭᠰᠡᠨ ᠦ ᠪᠡᠨ ᠳᠠᠷᠠᠭ᠎ᠠ ᠰᠢᠷ ᠢ ᠬᠠᠤᠯᠢ ᠪᠤᠰᠤ ᠪᠠᠷ ᠵᠠᠬᠢᠷᠤᠭᠴᠢᠳ ᠠᠴᠠ ᠡᠷᠬᠡ ᠮᠡᠳᠡᠯ ᠢᠶᠡᠨ ᠪᠤᠯᠢᠶᠠᠨ ᠠᠪᠴᠠᠢ᠃ ᠲᠡᠷᠡ ᠪᠡᠷ ᠠᠯᠧᠺᠰᠠᠨᠳᠠᠷᠢᠶ᠎ᠠᠭᠠ ᠠᠴᠠ ᠪᠤᠰᠤᠳ ᠪᠦᠬᠦ ᠶᠸᠵᠠᠫᠲᠡᠶᠢᠭ ᠪᠠᠶᠢᠯᠳᠤᠨ ᠳᠠᠭᠠᠭᠤᠯᠵᠤ (ᠮᠠᠨ ᠤ ᠡᠷᠡᠨ ᠦ ᠡᠮᠦᠨ᠎ᠡ 169 ᠣᠨ), ᠥᠪᠡᠷ ᠦᠨ ᠠᠴᠢ ᠬᠦᠦ ᠫᠲ᠋ᠣᠯᠧᠮᠢ VI ᠍ ᠍ ᠍ ᠢ ᠵᠠᠬᠢᠷᠤᠭᠴᠢ ᠪᠠᠷ ᠨᠢ ᠲᠣᠮᠢᠯᠠᠭᠰᠠᠨ ᠪᠠᠶᠢᠨ᠎ᠠ᠃ ᠲᠡᠭᠦᠨ ᠦ ᠬᠣᠯᠪᠣᠭᠠᠲᠠᠨ ᠮᠠᠺᠧᠳᠠᠨᠴᠤᠤ ᠳᠤ ᠷᠤᠮᠠ ᠳᠤ ᠢᠯᠠᠭᠳᠠᠵᠤ᠂ ᠺᠠᠫᠷᠤᠰ᠂ ᠶᠸᠵᠠᠫᠲ ᠳ᠋ᠡᠬᠢ ᠢᠯᠠᠯᠲᠠ ᠨᠢ (ᠮᠠᠨ ᠤ ᠡᠷᠡᠨ ᠦ ᠡᠮᠦᠨ᠎ᠡ 168 ᠣᠨ) ᠠᠯᠳᠠᠭᠳᠠᠭᠰᠠᠨ ᠴᠤ ᠠᠯᠢ ᠠᠯᠢᠨ ᠢ ᠨᠢ ᠣᠷᠬᠢᠨ ᠡᠮᠦᠨᠡᠲᠦ ᠰᠢᠷ ᠢ ᠬᠠᠮᠠᠭᠠᠯᠠᠵᠠᠢ᠃ ᠲᠡᠷᠡ ᠪᠡᠷ ᠢᠶᠡᠷᠤᠰᠠᠯᠢᠮ ᠍ ᠍ ᠍ ᠢ ᠠᠪᠴᠤ (ᠮᠠᠨ ᠤ ᠡᠷᠡᠨ ᠦ ᠡᠮᠦᠨ᠎ᠡ 167 ᠣᠨ) ᠬᠦᠴᠦ ᠪᠡᠷ ᠭᠷᠧᠺᠵᠢᠭᠦᠯᠬᠦ ᠪᠡᠷ ᠣᠷᠣᠯᠳᠤᠨ ᠢᠪᠡᠷᠡᠢᠴᠦᠳ ᠦᠨ ᠶᠣᠰᠣᠯᠠᠯ᠂ ᠲᠠᠶᠢᠯᠭ᠎ᠠ ᠶᠢ ᠬᠣᠷᠢᠭᠯᠠᠭᠰᠠᠨ ᠪᠠᠶᠢᠨ᠎ᠠ᠃ ᠮᠠᠨ ᠤ ᠡᠷᠡᠨ ᠦ ᠡᠮᠦᠨ᠎ᠡ 164 ᠣᠨ ᠳᠤ ᠢᠪᠡᠷᠡᠢ ᠶᠢᠨ ᠮᠠᠺᠺᠠᠪᠢ ᠪᠣᠯᠤᠨ ᠭᠷᠧᠺ ᠦᠨ ᠡᠰᠡᠷᠬᠦ ᠦᠵᠡᠯᠲᠡᠨ ᠨᠦᠭᠦᠳ ᠢᠭᠴᠧᠢ ᠶᠢ ᠪᠠᠶᠢᠯᠳᠤᠨ ᠳᠠᠭᠠᠭᠤᠯᠵᠤ᠂ ᠽᠧᠦᠢᠰᠡᠶᠢᠨ ᠰᠦᠮ᠎ᠡ᠂ ᠲᠠᠬᠢᠯᠭ᠎ᠠ ᠶᠢᠨ ᠡᠳ᠋ ᠵᠦᠢᠯᠡᠰ ᠢ ᠡᠪᠳᠡᠯᠡᠨ ᠰᠦᠢᠳᠬᠡᠵᠡᠢ᠃ ᠠᠨᠲ᠋ᠢᠬᠤ ᠨᠤᠲᠤᠭ ᠪᠤᠴᠠᠵᠤ᠂ ᠵᠡᠭᠦᠨ ᠡᠴᠡ ᠳᠣᠪᠲᠣᠯᠬᠤ ᠫᠠᠷᠹᠢᠴᠤᠳ ᠠᠴᠠ ᠡᠵᠡᠨᠲᠦ ᠭᠦᠷᠦᠨ ᠢᠶᠡᠨ ᠬᠠᠮᠠᠭᠠᠯᠠᠬᠤ ᠶᠢᠨ ᠰᠠᠴᠠᠭᠤ ᠠᠷᠮᠧᠨᠡᠶᠢᠭ ᠪᠤᠴᠠᠭᠠᠨ ᠠᠪᠴᠤ᠂ ᠠᠷᠠᠪ ᠍ ᠍ ᠍ ᠤᠨ ᠡᠷᠭᠢ ᠳ᠋ᠡᠬᠢ ᠫᠧᠷᠰᠢᠰ ᠤᠷᠤᠬᠤ ᠵᠠᠮ ᠳᠤ ᠪᠠᠨ ᠨᠠᠰᠤ ᠪᠠᠷᠠᠵᠠᠢ᠃

ᠪᠢᠴᠢᠭᠡᠰᠦ