ᠠᠨᠲ᠋ᠠᠷᠺᠲ᠋ᠢᠳ᠋

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠨᠲ᠋ᠠᠷᠺᠲ᠋ᠢᠳ᠋ ᠍ ᠦᠨ ᠪᠠᠶᠢᠷᠢᠰᠢᠯ
ᠠᠨᠲ᠋ᠠᠷᠺᠲ᠋ᠢᠳ᠋ ᠍ ᠦᠨ ᠮᠥᠰᠥ
ᠹᠷᠢᠺᠰᠧᠯ ᠨᠠᠭᠤᠷ ᠢ ᠬᠥᠬᠡ ᠮᠥᠰᠥ ᠪᠦᠷᠬᠡᠭᠰᠡᠨ ᠪᠠᠶᠢᠳᠠᠯ᠂ ᠲᠷᠠᠨᠰᠠᠲᠯᠠᠨᠲ᠋ᠢᠭ ᠤᠨ ᠠᠭᠤᠯᠠᠨ ᠳᠤ᠃
ᠭᠠᠵᠠᠷ ᠤᠨ ᠥᠨᠳᠥᠷᠰᠢᠯ
ᠹᠠᠢᠢᠯ:Flow of Ice Across Antarctica.ogv
ᠮᠥᠰᠦᠨ ᠦ ᠰᠢᠯᠵᠢᠯᠲᠡ
ᠮᠥᠰᠦᠨ ᠳᠣᠣᠷᠠᠬᠢ ᠳᠠᠪᠬᠤᠷᠭ᠎ᠠ ᠨᠤᠭᠤᠳ ᠪᠠ ᠰᠠᠭᠤᠷᠢ ᠴᠢᠯᠠᠭᠤᠯᠢᠭ
ᠮᠥᠰᠥ ᠶᠢ ᠬᠠᠭᠤᠯᠵᠤ ᠠᠪᠤᠭᠰᠠᠨ ᠪᠠ ᠳᠠᠯᠠᠢ ᠶᠢᠨ ᠲᠦᠷᠡᠯᠭᠡ ᠶᠢ ᠲᠣᠭᠠᠴᠠᠭᠠᠯᠠᠵᠤ ᠬᠠᠷᠠᠭᠤᠯᠤᠭᠰᠠᠨ ᠪᠠᠶᠢᠳᠠᠯ᠃

ᠠᠨᠲ᠋ᠠᠷᠺᠲ᠋ᠢᠳ᠋ ᠨᠢ ᠳᠡᠯᠡᠬᠡᠢᠨ ᠬᠠᠮᠤᠭ ᠤᠨ ᠡᠮᠦᠨᠡᠲᠦ ᠬᠡᠰᠡᠭ ᠲᠦ ᠪᠠᠶᠢᠷᠢᠯᠠᠬᠤ ᠲᠢᠪ (ᠡᠮᠦᠨᠡᠲᠦ ᠲᠤᠶᠢᠯ) ᠪᠥᠭᠡᠳ ᠡᠮᠦᠨᠡᠲᠦ ᠮᠥᠰᠦᠨ ᠳᠠᠯᠠᠢᠭᠠ ᠪᠠᠷ ᠬᠦᠷᠢᠶᠡᠯᠡᠭᠳᠡᠨ᠎ᠡ᠃ ᠨᠡᠶᠢᠲᠡ ᠲᠠᠯᠠᠪᠠᠢ ᠨᠢ 14.4 ᠰᠠᠶ᠎ᠠ км² ᠪᠥᠭᠡᠳ ᠨᠡᠶᠢᠲᠡ ᠲᠠᠯᠠᠪᠠᠢ ᠶᠢᠨ ᠬᠡᠮᠵᠢᠶ᠎ᠡ ᠪᠡᠷ ᠠᠽᠢᠶ᠎ᠠᠠᠹᠷᠢᠺᠠᠬᠣᠶᠢᠳᠤ ᠠᠮᠧᠷᠢᠺᠠ᠂ ᠪᠣᠯᠤᠨ ᠡᠮᠦᠨᠡᠲᠦ ᠠᠮᠧᠷᠢᠺᠠᠡᠶᠢᠨ ᠳᠠᠷᠠᠭ᠎ᠠ ᠣᠷᠣᠨ᠎ᠠ᠃ ᠠᠨᠲ᠋ᠠᠷᠺᠲ᠋ᠢᠳ᠋ ᠍ ᠤᠨ ᠭᠠᠳᠠᠷᠭᠤ ᠶᠢᠨ 98% ᠨᠢ ᠮᠥᠰᠥ ᠪᠡᠷ ᠪᠦᠷᠬᠦᠭᠳᠡᠭᠰᠡᠨ ᠪᠥᠭᠡᠳ ᠮᠥᠰᠦᠨ ᠦ ᠳᠤᠮᠳᠠᠴᠢ ᠵᠤᠵᠠᠭᠠᠨ ᠨᠢ 1.6 ᠺᠢᠯᠣᠮᠧᠲ᠋ᠷ ᠣᠷᠴᠢᠮ᠃

ᠠᠨᠲ᠋ᠠᠷᠺ ᠲᠤ ᠨᠢ ᠬᠠᠮᠤᠭ ᠤᠨ ᠬᠦᠢᠲᠡᠨ᠂ ᠬᠠᠭᠤᠷᠠᠢ᠂ ᠬᠦᠴᠦᠲᠡᠢ ᠰᠠᠯᠬᠢᠯᠠᠳᠠᠭ᠂ ᠳᠠᠯᠠᠢ ᠶᠢᠨ ᠲᠦᠪᠰᠢᠨ ᠡᠴᠡ ᠳᠡᠭᠡᠭᠰᠢ ᠬᠠᠮᠤᠭ ᠤᠨ ᠶᠡᠬᠡ ᠡᠷᠭᠦᠭᠳᠡᠭᠰᠡᠨ ᠲᠢᠪ ᠪᠣᠯᠤᠨ᠎ᠠ᠃ [1] ᠡᠷᠭᠢ ᠣᠷᠴᠢᠮ ᠤᠨ ᠨᠤᠲᠤᠭ ᠢ ᠡᠰᠡ ᠲᠣᠭᠠᠴᠠᠪᠠᠯ ᠮᠠᠰᠢ ᠪᠠᠭ᠎ᠠ ᠬᠡᠮᠵᠢᠶᠡᠨ ᠦ ᠬᠤᠷ᠎ᠠ ᠲᠤᠨᠳᠠᠰᠤ ᠤᠨᠠᠳᠠᠭ ᠪᠥᠭᠡᠳ ᠲᠢᠪᠡᠶᠢᠨ ᠦᠨᠳᠦᠰᠦᠨ ᠬᠡᠰᠡᠭ ᠨᠢ ᠴᠥᠯ ᠶᠤᠮ᠃ ᠤᠭ ᠲᠢᠪ ᠳᠤ ᠠᠭᠤᠭᠤᠯ ᠣᠷᠣᠰᠢᠨ ᠰᠠᠭᠤᠭᠴᠢᠳ ᠪᠠᠶᠢᠬᠤ ᠦᠭᠡᠢ ᠪᠥᠭᠡᠳ ᠴᠥᠭᠡᠨ ᠲᠥᠷᠥᠯ ᠦᠨ ᠬᠦᠢᠲᠡᠨᠳᠡ ᠲᠡᠰᠪᠦᠷᠢᠲᠡᠢ ᠣᠴᠣᠩ ᠰᠢᠪᠠᠭᠤᠳᠠᠯᠠᠢ ᠶᠢᠨ ᠬᠠᠪᠠᠬᠥᠪᠳᠦᠬᠠᠭᠵᠠᠮᠠᠭ ᠵᠡᠷᠭᠡ ᠠᠮᠢᠲᠠᠨ᠂ ᠤᠷᠭᠤᠮᠠᠯ ᠲᠠᠢ᠃

ᠠᠨᠲ᠋ᠠᠷᠺᠲ᠋ᠢᠳ᠋ ᠭᠡᠳᠡᠭ ᠦᠭᠡ ᠨᠢ ανταρκτικός ᠭᠡᠰᠡᠨ ("ᠠᠷᠺᠲ᠋ᠢᠺ ᠤᠨ ᠡᠰᠡᠷᠬᠦ" ᠭᠡᠰᠡᠨ ᠤᠳᠬ᠎ᠠ ᠲᠠᠢ) ᠭᠷᠧᠺ ᠦᠭᠡᠨ ᠡᠴᠡ ᠭᠠᠷᠤᠯᠲᠠᠢ᠃

ᠬᠠᠮᠤᠭ ᠤᠨ ᠥᠨᠳᠥᠷ ᠴᠡᠭ ᠨᠢ ᠸᠢᠨᠰᠣᠨᠢ ᠤᠤᠯ (ᠳ᠃ᠲ᠃ᠳ 5140 ᠮ) ᠶᠤᠮ᠃ ᠠᠨᠲ᠋ᠠᠷᠺᠲ᠋ᠢᠳ᠋ ᠲᠢᠪ ᠳᠡᠯᠡᠬᠡᠢ ᠶᠢᠨ ᠪᠥᠮᠪᠥᠷᠴᠡᠭ ᠦᠨ ᠡᠮᠦᠨᠡᠲᠦ ᠲᠤᠶᠢᠯ ᠠᠨᠲ᠋ᠠᠷᠺᠲ᠋ᠢᠺ ᠤᠨ ᠮᠤᠵᠢ ᠳᠤ ᠣᠷᠣᠰᠢᠨ᠎ᠠ᠃ ᠠᠨᠲ᠋ᠠᠷᠺᠲ᠋ᠢᠺ ᠮᠤᠵᠢ ᠳᠤ ᠲᠢᠪ ᠡᠴᠡ ᠭᠠᠳᠠᠨ᠎ᠠ ᠲᠡᠭᠦᠨ ᠢ ᠬᠦᠷᠢᠶᠡᠯᠡᠨ ᠪᠠᠶᠢᠭ᠎ᠠ ᠲᠡᠩᠭᠢᠰ ᠦᠳ ᠠᠲᠯᠠᠨ᠋ᠲ ᠤᠨ ᠳᠠᠯᠠᠢ᠂ ᠨᠣᠮᠣᠬᠠᠨ ᠳᠠᠯᠠᠢ᠂ ᠡᠨᠡᠳᠬᠡᠭ ᠦᠨ ᠳᠠᠯᠠᠢ ᠶᠢᠨ ᠬᠡᠰᠡᠭ ᠬᠠᠮᠢᠶᠠᠷᠤᠭᠳᠠᠨ᠎ᠠ᠃

ᠠᠨᠲ᠋ᠠᠷᠺᠲ᠋ᠢᠺ ᠢ ᠰᠤᠳᠤᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠨᠲ᠋ᠠᠷᠺᠲ᠋ᠢᠺ ᠤᠨ ᠰᠤᠳᠤᠯᠭ᠎ᠠ ᠶᠢ ᠳᠥᠷᠪᠡᠨ ᠦᠶ᠎ᠡ ᠪᠣᠯᠭᠠᠨ ᠬᠤᠪᠢᠶᠠᠳᠠᠭ᠃ ᠡᠬᠢᠨ ᠦ ᠭᠤᠷᠪᠠᠨ ᠦᠶ᠎ᠡ ᠳᠦ ᠠᠯᠢᠪᠠ ᠨᠢᠭᠡ ᠤᠯᠤᠰ ᠣᠷᠣᠨ ᠤ ᠰᠢᠨᠵᠢᠯᠡᠭᠡᠨ ᠦ ᠠᠩᠭᠢ ᠨᠤᠭᠤᠳ ᠥᠪᠡᠷᠰᠡᠳ ᠦᠨ ᠰᠣᠨᠢᠷᠬᠠᠯ ᠢᠶᠠᠷ ᠶᠠᠪᠤᠵᠤ ᠰᠤᠳᠤᠯᠭ᠎ᠠ ᠬᠢᠵᠦ ᠪᠠᠶᠢᠴᠠᠢ᠃ ᠳᠥᠷᠪᠡ ᠳ᠋ᠡᠬᠢ ᠦᠶ᠎ᠡ ᠶᠢᠨ ᠰᠤᠳᠤᠯᠭ᠎ᠠ ᠨᠢ ᠣᠯᠠᠨ ᠤᠯᠤᠰ ᠤᠨ ᠬᠡᠮᠵᠢᠶᠡᠨ ᠦ ᠬᠥᠲᠥᠯᠪᠦᠷᠢ ᠲᠡᠢ ᠶᠠᠪᠤᠭᠳᠠᠵᠤ᠂ ᠠᠨᠲ᠋ᠠᠷᠺᠲ᠋ᠢᠳ᠋ ᠍ ᠤᠨ ᠡᠬᠡ ᠭᠠᠵᠠᠷ ᠤᠨ ᠪᠠᠶᠢᠭᠠᠯᠢ ᠶᠢᠨ ᠪᠠᠶᠢᠳᠠᠯ ᠳᠤ ᠲᠣᠳᠣᠷᠬᠠᠢ ᠳ᠋ᠦᠩᠨᠡᠯᠲᠡ ᠶᠢ ᠥᠭᠴᠦ ᠪᠠᠶᠢᠨ᠎ᠠ᠃ ᠡᠬᠢᠨ ᠦ (Xᠵᠢᠷᠭᠤᠳᠤᠭᠠᠷ ᠵᠠᠭᠤᠨ ᠠᠴᠠ 19 ᠵᠠᠭᠤᠨ ᠤ ᠡᠬᠢ) ᠦᠶ᠎ᠡ ᠳᠦ ᠳᠡᠯᠡᠬᠡᠢ ᠶᠢᠨ ᠡᠮᠦᠨᠡᠲᠦ ᠡᠲᠡᠭᠡᠳ ᠲᠦ ᠡᠬᠡ ᠭᠠᠵᠠᠷ ᠪᠠᠶᠢᠭ᠎ᠠ ᠶᠢ ᠲᠣᠳᠣᠷᠬᠠᠶᠢᠯᠠᠨ ᠵᠠᠷᠢᠮ ᠠᠷᠠᠯ ᠤᠳ ᠢ ᠨᠡᠭᠡᠭᠡᠵᠦ᠂ ᠭᠠᠵᠠᠷ ᠤᠨ ᠵᠢᠷᠤᠭ ᠲᠤ ᠲᠡᠮᠳᠡᠭᠯᠡᠵᠡᠢ᠃ 1501-1502 ᠣᠨ ᠳᠤ ᠢᠲ᠋ᠠᠯᠢ ᠶᠢᠨ ᠠᠮᠧᠷᠢᠭᠣ ᠸᠧᠰᠫᠦ᠋ᠴᠴᠢ᠂ ᠡᠮᠦᠨᠡᠲᠦ ᠭᠧᠣᠷᠭ ᠠᠷᠠᠯ᠂ 1739-1772 ᠣᠨ ᠳᠤ ᠹᠷᠠᠨᠽᠢᠴᠤᠳ ᠪᠤᠸᠧ᠂ ᠺᠧᠺᠭᠧᠯᠧᠨ ᠠᠷᠠᠯ ᠢ ᠨ ᠡᠴᠡᠢ᠃ 1772-1775 ᠣᠨ ᠳᠤ ᠠᠩᠭᠯᠢ ᠶᠢᠨ ᠵ᠃ᠺᠦᠶᠢᠺ ᠤᠨ ᠰᠢᠨᠵᠢᠯᠡᠭᠡᠨ ᠦ ᠠᠩᠭᠢ ᠠᠨᠲ᠋ᠠᠷᠺᠲ᠋ᠢᠳ᠋ ᠍ ᠢ ᠲᠣᠭᠣᠷᠢᠨ ᠡᠮᠦᠨᠡᠲᠦ ᠭᠧᠣᠷᠭ᠎ᠠ ᠶᠢᠨ ᠠᠷᠠᠯ ᠳᠤ ᠣᠶᠢᠷᠠᠳᠤᠨ᠂ ᠰᠠᠨᠳᠸᠢᠴᠢ ᠶᠢᠨ ᠭᠠᠵᠠᠷ᠂ ᠡᠮᠦᠨᠡᠲᠦ ᠲᠤᠯ ᠤᠨ ᠠᠷᠠᠯ ᠢ᠂ ᠠᠩᠭᠯᠢ ᠶᠢᠨ ᠤ᠃ᠰᠮᠢᠲ ᠡᠮᠦᠨᠡᠲᠦ ᠱᠧᠲᠯᠠᠨ ᠳᠤ ᠠᠷᠠᠯ ᠢ ᠨᠡᠭᠡᠭᠡᠭᠰᠡᠨ᠃ -ᠳᠠᠷᠠᠭᠠᠬᠢ (19 ᠵᠠᠭᠤᠨ) ᠦᠶ᠎ᠡ ᠳᠦ ᠠᠨᠲ᠋ᠠᠷᠺᠲ᠋ᠢᠳ᠋ ᠍ ᠤᠨ ᠡᠬᠡ ᠭᠠᠵᠠᠷ ᠢ ᠨᠡᠭᠡᠭᠡᠵᠦ᠂ ᠨᠡᠯᠢᠶᠡᠳ ᠣᠯᠠᠨ ᠡᠷᠳᠡᠮ ᠰᠢᠨᠵᠢᠯᠡᠭᠡᠨ ᠦ ᠠᠩᠭᠢ ᠨᠤᠭᠤᠳ ᠰᠤᠳᠤᠯᠭ᠎ᠠ ᠬᠡᠶᠢᠵᠢᠭᠡ᠃ ᠣᠷᠣᠰ ᠤᠨ ᠳᠠᠯᠠᠶᠢᠴᠢᠨ ᠹ᠃ᠹ᠃ᠪᠧᠯᠯᠦᠶᠢᠨᠰᠠᠭᠠᠦ᠋ᠽᠧᠨ᠂ ᠮ᠃ᠫ᠃ᠯᠠᠽᠧᠷᠧᠸ ᠨᠠᠷ "ᠸᠣᠰᠲ᠋ᠣᠺ", "ᠮᠢᠷᠢᠨ ᠦ" ᠬᠡᠮᠡᠬᠦ ᠬᠥᠯᠥᠭ ᠣᠩᠭᠣᠴᠠ ᠪᠠᠷ 1819 ᠣᠨ ᠳᠤ ᠭᠧᠣᠷᠭ ᠠᠷᠠᠯ ᠳᠤ ᠬᠦᠷᠴᠦ᠂ ᠰᠢᠨ᠎ᠡ ᠰᠢᠨ᠎ᠡ ᠭᠠᠵᠠᠷ ᠨᠡᠭᠡᠭᠡᠵᠦ I ᠫᠧᠲ᠋ᠷ ᠤᠨ ᠠᠷᠠᠯ᠂ I ᠠᠯᠧᠺᠰᠠᠨᠳᠠᠷ ᠤᠨ ᠭᠠᠵᠠᠷ ᠭᠡᠬᠦ ᠵᠡᠷᠭᠡ ᠪᠡᠷ ᠨᠡᠷᠡᠯᠡᠭᠡᠳ᠂ 1820 ᠣᠨ ᠤ 1 ᠰᠠᠷ᠎ᠠ ᠶᠢᠨ 16 ᠍ ᠳᠦ ᠠᠨᠲ᠋ᠠᠷᠺᠲ᠋ᠢᠳ᠋ ᠍ ᠤᠨ ᠡᠬᠡ ᠭᠠᠵᠠᠷ ᠢ ᠬᠦᠮᠦᠨ ᠲᠥᠷᠥᠯᠬᠢᠲᠡᠨ ᠦ ᠲᠡᠦᠬᠡᠨ ᠳᠦ ᠠᠩᠬ᠎ᠠ ᠤᠳᠠᠭ᠎ᠠ ᠨᠡᠭᠡᠭᠡᠪᠡ᠃ 1820-1821 ᠣᠨ ᠳᠤ ᠠᠩᠭᠯᠢ᠂ ᠠᠮᠧᠷᠢᠺᠠ ᠶᠢᠨ ᠠᠨ ᠣᠯᠵᠠᠪᠤᠷᠢ ᠶᠢᠨ ᠬᠥᠯᠥᠭ ᠣᠩᠭᠣᠴᠠ ᠨᠤᠭᠤᠳ ᠠᠨᠲ᠋ᠠᠷᠺᠲ᠋ᠢᠳ᠋ ᠍ ᠤᠨ ᠣᠷᠴᠢᠮ ᠢᠶᠠᠷ ᠠᠶᠠᠯᠠᠵᠤ ᠪᠠᠶᠢᠭᠰᠠᠨ ᠠᠴᠠ ᠭᠠᠳᠠᠨ᠎ᠠ 1831-1833 ᠣᠨ ᠳᠤ ᠠᠩᠭᠯᠢ ᠶᠢᠨ ᠵ᠃ᠪᠢᠰᠺᠣ ᠠᠨᠲ᠋ᠠᠷᠺᠲ᠋ᠢᠳ᠋ ᠍ ᠢ ᠲᠣᠭᠣᠷᠢᠨᠠᠶ᠋ᠢᠯᠵᠤ᠂ ᠬᠡᠳᠦ ᠬᠡᠳᠦᠨ ᠠᠷᠠᠯ ᠨ ᠡᠴᠡᠢ᠃ 1838-1842 ᠣᠨ ᠳᠤ ᠹᠷᠠᠨᠼᠢ᠂ ᠠᠮᠧᠷᠢᠺᠠ᠂ ᠠᠩᠭᠯᠢ ᠶᠢᠨ ᠰᠢᠨᠵᠢᠯᠡᠭᠡᠨ ᠦ ᠭᠤᠷᠪᠠᠨ ᠠᠩᠭᠢ ᠨᠡᠯᠢᠶᠡᠳ ᠭᠠᠵᠠᠷ ᠨᠤᠲᠤᠭ ᠢ ᠨᠡᠭᠡᠭᠡᠵᠦ᠂ ᠡᠮᠦᠨᠡᠲᠦ ᠰᠣᠷᠢᠨᠵᠢᠨ ᠲᠤᠶᠢᠯ ᠤᠨ ᠪᠠᠶᠢᠷᠢᠰᠢᠯ ᠢ ᠲᠣᠳᠣᠷᠬᠠᠶᠢᠯᠠᠬᠤ ᠶᠢ ᠣᠷᠣᠯᠳᠤᠵᠠᠢ᠃ ᠳᠠᠷᠠᠭᠠᠴᠢ ᠶᠢᠨ 50 ᠵᠢᠯ ᠳᠤ ᠶᠠᠮᠠᠷ ᠴᠤ ᠰᠢᠨᠵᠢᠯᠡᠭᠡᠨ ᠦ ᠠᠩᠭᠢ ᠣᠴᠢᠭᠰᠠᠨ ᠦᠭᠡᠢ᠃ 19 ᠵᠠᠭᠤᠨ ᠤ ᠰᠡᠭᠦᠯᠴᠢ ᠡᠴᠡ ᠡᠬᠢᠯᠡᠨ ᠡᠨᠳᠡᠬᠢ ᠶᠢᠨ ᠬᠦᠢᠲᠡᠨ ᠲᠡᠩᠭᠢᠰ ᠲᠦ ᠱᠣᠲᠯᠠᠨ ᠳᠤ᠂ ᠨᠣᠷᠸᠧᠭᠢ᠂ ᠪᠧᠯᠬᠢ ᠵᠡᠷᠭᠡ ᠣᠷᠣᠨ ᠤ ᠬᠥᠯᠥᠭ ᠣᠩᠭᠣᠴᠠ ᠨᠤᠭᠤᠳ ᠬᠠᠯᠢᠮᠤ ᠠᠩᠨᠠᠬᠤ ᠪᠣᠯᠤᠭᠰᠠᠨ᠃ -ᠭᠤᠷᠪᠠ ᠳᠤ ᠬᠢ (1900-1955 ᠣᠨ) ᠦᠶ᠎ᠡ ᠳᠦ ᠠᠨᠲ᠋ᠠᠷᠺᠲ᠋ᠢᠳ᠋ ᠍ ᠤᠨ ᠡᠷᠭᠢ ᠣᠷᠴᠢᠮ ᠤᠨ ᠨᠤᠲᠤᠭ ᠢ ᠰᠤᠳᠤᠯᠤᠭᠰᠠᠨ ᠠᠴᠠ ᠭᠠᠳᠠᠨ᠎ᠠ ᠭᠠᠵᠠᠷ ᠵᠦᠢ ᠶᠢᠨ ᠡᠮᠦᠨᠡᠲᠦ ᠲᠤᠶᠢᠯ ᠳᠤ ᠬᠦᠷᠦᠭᠰᠡᠨ ᠪᠠᠶᠢᠨ᠎ᠠ᠃ ᠠᠰᠠᠷ ᠪᠡᠷᠬᠡᠰᠢᠶᠡᠯ ᠲᠡᠢ ᠡᠨᠡ ᠵᠣᠷᠢᠯᠲᠠ ᠶᠢ ᠨᠣᠷᠪ ᠤᠨ ᠷ᠃ᠠᠮᠤᠨᠳᠠᠰᠧᠨ᠂ ᠠᠩᠭᠯᠢ ᠶᠢᠨ ᠷ᠃ᠰᠺᠣᠲ᠋ᠲ ᠨᠠᠷ ᠭᠦᠢᠴᠡᠳᠭᠡᠭᠰᠡᠨ ᠶᠤᠮ᠃ ᠷ᠃ᠠᠮᠤᠨᠳᠠᠰᠧᠨ 1911 ᠣᠨ ᠤ 12 ᠰᠠᠷ᠎ᠠ ᠶᠢᠨ 14 ᠍ ᠳᠦ ᠡᠮᠦᠨᠡᠲᠦ ᠲᠤᠶᠢᠯ ᠳᠤ ᠬᠦᠷᠴᠡᠢ᠃ ᠷ᠃ᠰᠺᠣᠲ᠋ᠲ ᠷ᠃ᠠᠮᠤᠨᠳᠠᠰᠧᠨ ᠡᠴᠡ 34 ᠬᠣᠨᠣᠭ ᠤᠨ ᠳᠠᠷᠠᠭ᠎ᠠ ᠪᠤᠶᠤ 1912 ᠣᠨ ᠤ 1 ᠰᠠᠷ᠎ᠠ ᠶᠢᠨ 17 ᠍ ᠳᠦ ᠡᠮᠦᠨᠡᠲᠦ ᠲᠤᠶᠢᠯ ᠬᠦᠷᠢᠶ᠎ᠡ ᠳᠦ ᠪᠤᠴᠠᠬᠤ ᠵᠠᠮ ᠳᠤ ᠪᠠᠨ ᠠᠮᠢ ᠦᠷᠡᠭᠳᠡᠵᠡᠢ᠃ 1928 ᠣᠨ ᠳᠤ ᠠᠮᠧᠷᠢᠺᠠ ᠶᠢᠨ ᠨᠢᠰᠬᠦ ᠣᠩᠭᠣᠴᠠ ᠠᠨᠲ᠋ᠠᠷᠺᠲ᠋ᠢᠳ᠋ ᠬᠦᠷᠴᠦ᠂ 1929-1950 ᠍ ᠳᠦ ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ᠂ ᠠᠩᠭᠯᠢ ᠶᠢᠨ ᠬᠡᠳᠦ ᠬᠡᠳᠦᠨ ᠰᠢᠨᠵᠢᠯᠡᠭᠡᠨ ᠦ ᠠᠩᠭᠢ ᠨᠤᠭᠤᠳ ᠰᠤᠳᠤᠯᠭ᠎ᠠ ᠬᠢᠵᠦ᠂ ᠮᠥᠰᠦᠨ ᠦ ᠲᠣᠳᠣᠷᠬᠠᠶᠢᠯᠠᠯᠲᠠ ᠭᠠᠷᠭᠠᠵᠤ᠂ ᠵᠠᠷᠢᠮ ᠭᠠᠵᠠᠷ ᠢᠶᠠᠷ ᠠᠭᠤᠯᠠ ᠨᠢᠷᠤᠭᠤ ᠨ ᠡᠴᠡᠢ᠃ -ᠳᠥᠷᠪᠡᠳᠡᠬᠦ (1955 ᠣᠨ ᠠᠴᠠ ᠬᠣᠶᠢᠰᠢᠬᠢ) ᠦᠶᠡᠰ ᠡᠬᠢᠯᠡᠨ ᠣᠯᠠᠨ ᠤᠯᠤᠰ ᠤᠨ ᠭᠧᠣᠹᠢᠽᠢᠺ ᠤᠨ ᠰᠤᠳᠤᠯᠭ᠎ᠠ ᠬᠢᠭᠳᠡᠵᠦ 11 ᠣᠷᠣᠨ ᠤ 57 ᠰᠲ᠋ᠠᠨᠼ ᠠᠨᠲ᠋ᠠᠷᠺᠲ᠋ᠢᠳ᠋, ᠲᠡᠭᠦᠨ ᠦ ᠡᠷᠭᠢ ᠣᠷᠴᠢᠮ ᠤᠨ ᠠᠷᠠᠯ ᠤᠳ ᠳᠡᠭᠡᠷ᠎ᠡ ᠪᠠᠶᠢᠭᠤᠯᠤᠭᠳᠠᠨ ᠨᠤᠲᠤᠭ ᠳᠠᠶᠠᠭᠠᠷ ᠢᠵᠢ ᠪᠦᠷᠢᠨ ᠰᠤᠳᠤᠯᠭ᠎ᠠ ᠠᠵᠢᠭᠡᠯᠡᠯᠲᠠ ᠬᠢᠬᠦ ᠪᠣᠯᠤᠮᠵᠢ ᠪᠦᠷᠢᠳᠦᠭᠦᠯᠵᠡᠢ᠃ ᠡᠳᠡᠭᠡᠷ ᠰᠤᠳᠤᠯᠭᠠᠨ ᠤ ᠪᠠᠭᠠᠵᠠ ᠨᠤᠭᠤᠳ ᠳᠡᠭᠡᠷ᠎ᠡ ᠡᠷᠳᠡᠮ ᠰᠢᠨᠵᠢᠯᠡᠭᠡᠨ ᠦ ᠠᠩᠭᠢ ᠨᠤᠭᠤᠳ ᠡᠭᠡᠯᠵᠢᠯᠡᠨ ᠣᠴᠢᠵᠤ ᠰᠤᠳᠤᠯᠭ᠎ᠠ ᠬᠢᠵᠦ ᠪᠠᠶᠢᠨ᠎ᠠ᠃ ᠵᠥᠪᠯᠡᠯᠲᠦ ᠬᠣᠯᠪᠣᠭᠠᠲᠤ ᠤᠯᠤᠰ᠂ ᠣᠳᠣ ᠶᠢᠨ ᠣᠷᠣᠰ ᠬᠣᠯᠪᠣᠭᠠᠨ ᠤ ᠤᠯᠤᠰ ᠲᠡᠨᠳᠡ "ᠮᠠᠷᠢᠨ ᠤᠢ", "ᠣᠠᠽᠢᠰ", "ᠫᠢᠣᠨᠧᠷᠰᠺᠠᠶ᠎ᠠ", "ᠸᠣᠰᠲ᠋ᠣᠺ", "ᠺᠣᠮᠰᠣᠮᠣᠯᠢᠰᠺᠠᠶ᠎ᠠ" ᠰᠲ᠋ᠠᠨᠼ ᠪᠠᠶᠢᠭᠤᠯᠵᠤ᠂ ᠲᠣᠭᠲᠠᠮᠠᠯ ᠰᠤᠳᠤᠯᠭ᠎ᠠ ᠬᠢᠵᠦ ᠢᠵᠢ ᠪᠦᠷᠢᠨ ᠬᠠᠶᠢᠭᠤᠯ ᠰᠢᠨᠵᠢᠯᠡᠭᠡᠨ ᠦ ᠠᠩᠭᠢ ᠨᠤᠭᠤᠳ ᠠᠵᠢᠯᠯᠠᠵᠤ ᠪᠠᠶᠢᠨ᠎ᠠ᠃1972-1973, ᠮᠥᠨ 1983-1984 ᠣᠨ ᠳᠤ ᠠᠵᠢᠯᠯᠠᠭᠰᠠᠨ ᠡᠮᠦᠨᠡᠲᠦ ᠲᠤᠶᠢᠯ ᠢ ᠰᠤᠳᠤᠯᠬᠤ XVIII, XXVIII ᠬᠠᠶᠢᠭᠤᠯ ᠡᠷᠳᠡᠮ ᠰᠢᠨᠵᠢᠯᠡᠭᠡᠨ ᠦ ᠠᠩᠭᠢ ᠨᠤᠭᠤᠳ ᠲᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠮᠡᠷᠭᠡᠵᠢᠯᠲᠡᠨ ᠵ᠃ᠰᠡᠷᠡᠩᠳᠡᠯᠢᠭ᠂ ᠳ᠃ᠴᠢᠯᠠᠭᠤᠨᠪᠠᠲᠤ ᠨᠠᠷ ᠣᠷᠣᠯᠴᠠᠨ᠂ ᠠᠨᠲ᠋ᠠᠷᠺᠲ᠋ᠢᠳ᠋ ᠍ ᠲᠤ ᠣᠴᠢᠵᠤ ᠰᠤᠳᠤᠯᠭ᠎ᠠ᠂ ᠰᠢᠨᠵᠢᠯᠡᠭᠡᠨ ᠦ ᠠᠵᠢᠯ ᠬᠢᠭᠰᠡᠨ ᠪᠢᠯᠡ᠃ ᠣᠷᠴᠢᠨ ᠦᠶ᠎ᠡ ᠶᠢᠨ ᠰᠤᠳᠤᠯᠭᠠᠨ ᠤ ᠶᠠᠪᠤᠴᠠ ᠳᠤ ᠠᠨᠲ᠋ᠠᠷᠺᠲ᠋ᠢᠳ᠋ ᠍ ᠤᠨ ᠡᠬᠡ ᠭᠠᠵᠠᠷ ᠤᠨ ᠲᠣᠭᠲᠠᠴᠠ᠂ ᠭᠠᠳᠠᠷᠭᠤ᠂ ᠠᠰᠢᠭᠲᠤ ᠮᠠᠯᠲᠠᠮᠠᠯ᠂ ᠮᠥᠰᠦᠨ ᠬᠤᠴᠢᠯᠭ᠎ᠠ ᠶᠢᠨ ᠪᠠᠶᠢᠭᠤᠯᠤᠯᠲᠠ᠂ ᠠᠭᠤᠷ ᠠᠮᠢᠰᠬᠤᠯ᠂ ᠤᠷᠭᠤᠮᠠᠯ᠂ ᠠᠮᠢᠲᠠᠨ ᠤ ᠠᠶᠢᠮᠠᠭ ᠰᠤᠳᠤᠯᠤᠭᠳᠠᠵᠤ᠂ ᠪᠠᠶᠢᠭᠠᠯᠢ ᠶᠢᠨ ᠣᠷᠴᠢᠨ᠂ ᠬᠦᠮᠦᠨ ᠦ ᠪᠡᠶ᠎ᠡ ᠮᠠᠬᠠᠪᠣᠳᠣᠳ ᠬᠡᠷᠬᠢᠨ ᠨᠦᠯᠦᠭᠡᠯᠡᠬᠦ ᠵᠡᠷᠭᠡ ᠣᠯᠠᠨ ᠠᠰᠠᠭᠤᠳᠠᠯ ᠰᠢᠢᠳᠪᠦᠷᠢᠯᠡᠭᠳᠡᠵᠦ ᠪᠠᠶᠢᠨ᠎ᠠ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠢᠪ ᠦᠨ 15 ᠰᠠᠶ᠎ᠠ 820 ᠮᠢᠩᠭᠠᠨ km 2 ᠲᠠᠯᠠᠪᠠᠢ ᠲᠠᠢ᠂ 24 ᠰᠠᠶ᠎ᠠ ᠮ 3 ᠬᠡᠮᠵᠢᠶ᠎ᠡ ᠲᠡᠢ ᠮᠥᠰᠥ ᠬᠤᠴᠢᠵᠠᠢ᠃ᠮᠥᠰᠦᠨ ᠦ ᠵᠤᠵᠠᠭᠠᠨ ᠳᠤᠮᠳᠠᠴᠢ ᠪᠠᠷ 2 ᠮᠢᠩᠭᠠᠨ ᠮ᠂ ᠲᠥᠪ ᠬᠡᠰᠡᠭ ᠲᠦ ᠪᠡᠨ 4 ᠮᠢᠩᠭᠠᠨ ᠮ᠂ ᠵᠠᠬ᠎ᠠ ᠪᠠᠷ ᠢᠶᠠᠨ 100 ᠣᠷᠴᠢᠮ ᠮ ᠪᠠᠶᠢᠨ᠎ᠠ᠃ ᠡᠨᠡᠬᠦ ᠮᠥᠰᠦᠨ "ᠮᠠᠯᠠᠭᠠᠢ" ᠵᠠᠷᠢᠮ ᠬᠡᠰᠡᠭ ᠲᠦ ᠪᠡᠨ ᠡᠬᠡ ᠭᠠᠵᠠᠷ ᠠᠴᠠ ᠪᠠᠨ ᠬᠠᠯᠢᠵᠤ ᠳᠠᠯᠠᠢ ᠷᠤ ᠬᠡᠳᠦᠨ ᠵᠠᠭᠤᠨ ᠺᠢᠯᠣᠮᠧᠲ᠋ᠷ ᠲᠦᠷᠢᠵᠦ ᠣᠷᠣᠵᠠᠢ᠃ ᠲᠤᠬᠠᠶᠢᠯᠠᠪᠠᠯ: ᠷᠣᠰ ᠤᠨ ᠲᠡᠩᠭᠢᠰ ᠲᠦ ᠣᠷᠣᠭᠰᠠᠨ ᠮᠥᠰᠥ ᠨᠢ 950 ᠺᠢᠯᠣᠮᠧᠲ᠋ᠷ ᠬᠦᠷᠡᠨ᠎ᠡ᠃ ᠡᠬᠡ ᠭᠠᠵᠠᠷ ᠤᠨ ᠡᠷᠭᠢ ᠡᠴᠡ ᠬᠠᠯᠢᠭᠰᠠᠨ ᠮᠥᠰᠥ ᠠᠭᠠᠵᠢᠮ ᠳᠤ ᠪᠠᠨ ᠭᠤᠯᠠᠰᠤᠨ ᠳᠠᠯᠠᠢ ᠳᠤ ᠣᠷᠣᠬᠤ ᠳᠤ ᠪᠠᠨ ᠮᠥᠰᠦᠨ ᠠᠭᠤᠯᠠ (ᠠᠶᠢᠰᠪᠧᠺᠭ) ᠡᠭᠦᠰᠬᠡᠳᠡᠭ᠃ ᠠᠨᠲ᠋ᠠᠷᠺᠲ᠋ᠢᠳ᠋ ᠍ ᠤᠨ ᠮᠥᠰᠦᠨ ᠳᠦ ᠨᠢ ᠳᠡᠯᠡᠬᠡᠢ ᠶᠢᠨ ᠴᠡᠩᠭᠡᠭ ᠤᠰᠤᠨ ᠤ 90 ᠬᠤᠪᠢ ᠠᠭᠤᠯᠤᠭᠳᠠᠳᠠᠭ᠃ ᠲᠡᠭᠦᠨ ᠢ ᠬᠤᠴᠢᠵᠤ ᠪᠠᠶᠢᠭ᠎ᠠ ᠮᠥᠰᠦᠨ ᠦ ᠵᠤᠵᠠᠭᠠᠨ ᠢ ᠣᠷᠤᠯᠴᠠᠭᠤᠯᠪᠠᠯ ᠠᠨᠲ᠋ᠠᠷᠺᠲ᠋ᠢᠳ᠋ ᠳᠤᠮᠳᠠᠴᠢ ᠥᠨᠳᠥᠷ ᠢᠶᠡᠷ ᠢᠶᠡᠨ ᠳᠡᠯᠡᠬᠡᠢ ᠶᠢᠨ ᠬᠠᠮᠤᠭ ᠤᠨ ᠥᠨᠳᠥᠷ ᠲᠢᠪ ᠶᠤᠮ᠃ ᠠᠨᠲ᠋ᠠᠷᠺᠲ᠋ᠢᠳ᠋ ᠍ ᠤᠨ ᠡᠬᠡ ᠭᠠᠵᠠᠷ ᠤᠨ ᠮᠥᠰᠦᠨ ᠳᠣᠣᠷᠠᠬᠢ ᠭᠠᠳᠠᠷᠭᠤ ᠶᠢ ᠶᠡᠷᠦᠩᠬᠡᠢ ᠳᠤ ᠨᠢ ᠬᠣᠶᠠᠷ ᠠᠩᠭᠢᠯᠠᠳᠠᠭ᠃ ᠪᠠᠷᠠᠭᠤᠨ ᠬᠡᠰᠡᠭ ᠨᠢ (ᠠᠨᠲ᠋ᠠᠷᠺᠲ᠋ᠢᠳ᠋ ᠍ ᠤᠨ ᠬᠣᠶᠢᠭᠣ ᠠᠴᠠ ᠷᠣᠰ ᠤᠨ ᠲᠡᠩᠭᠢᠰ ᠬᠦᠷᠲᠡᠯ᠎ᠡ) ᠠᠭᠤᠯᠠᠷᠬᠠᠭ ᠭᠠᠳᠠᠷᠭᠤ ᠲᠠᠢ᠃ ᠡᠭᠦᠨ ᠢ ᠠᠨᠲ᠋ᠠᠷᠺᠲ᠋ᠢᠳ᠋ ᠍ ᠤᠨ ᠠᠨᠳᠠ ᠭᠡᠬᠦ ᠪᠥᠭᠡᠳ 3000-4000 ᠮ᠂ ᠣᠷᠭᠢᠯ ᠤᠳ ᠨᠢ 5000 ᠮ ᠡᠷᠭᠦᠭᠳᠡᠭᠰᠡᠨ ᠡᠯᠡᠰᠦᠶᠢᠡᠷᠲᠦ ᠶᠢᠨ ᠭᠠᠵᠠᠷ ᠲᠤ ᠪᠠᠶᠢᠭ᠎ᠠ 5140 ᠮ ᠣᠷᠭᠢᠯ ᠡᠨᠳᠡᠬᠢ ᠶᠢᠨ ᠬᠠᠮᠤᠭ ᠤᠨ ᠥᠨᠳᠥᠷ ᠴᠡᠭ ᠶᠤᠮ᠃ ᠨᠤᠲᠤᠭ ᠤᠨ ᠵᠡᠭᠦᠨ ᠬᠡᠰᠡᠭ ᠨᠢ ᠲᠠᠪᠴᠠᠩ ᠮᠠᠶ᠋ᠢᠭ ᠤᠨ ᠲᠣᠭᠲᠠᠴᠠ ᠲᠠᠢ᠂ ᠬᠠᠷᠢᠴᠠᠩᠭᠤᠢ ᠲᠠᠯᠠᠷᠬᠠᠭ ᠭᠠᠳᠠᠷᠭᠤ ᠲᠠᠢ ᠪᠠᠶᠢᠨ᠎ᠠ᠃

ᠠᠨᠲ᠋ᠠᠷᠺᠲ᠋ᠢᠳ᠋ ᠳᠡᠯᠡᠬᠡᠢ ᠶᠢᠨ ᠬᠠᠮᠤᠭ ᠤᠨ ᠬᠦᠢᠲᠡᠨ ᠠᠭᠤᠷ ᠠᠮᠢᠰᠬᠤᠯ ᠲᠠᠢ ᠨᠤᠲᠤᠭ ᠶᠤᠮ᠃ 1961 ᠣᠨ ᠤ 8 ᠰᠠᠷ᠎ᠠ ᠳᠤ ᠵᠥᠪᠯᠡᠯᠲᠦ ᠬᠣᠯᠪᠣᠭᠠᠲᠤ ᠤᠯᠤᠰ ᠤᠨ <ᠸᠣᠰᠲ᠋ᠣᠺ> ᠰᠲ᠋ᠠᠨᠼ ᠲᠤ -83,2℃ ᠲᠡᠮᠳᠡᠭᠯᠡᠭᠳᠡᠭᠰᠡᠨ ᠨᠢ ᠳᠡᠯᠡᠬᠡᠢ ᠶᠢᠨ ᠬᠦᠢᠲᠡᠨ ᠦ ᠲᠤᠶᠢᠯ ᠪᠠᠶᠢᠪᠠ᠃ ᠭᠡᠪᠡᠴᠦ 2014 ᠣᠨ ᠤ ᠪᠠᠶᠢᠳᠠᠯ ᠢᠶᠠᠷ ᠶᠠᠫᠣᠨ ᠤ ᠡᠷᠳᠡᠮᠲᠡᠳ - 91,2℃ ᠬᠦᠷᠲᠡᠯ᠎ᠡ ᠬᠦᠢᠲᠡᠷᠡᠴᠢ ᠪᠠᠶᠢᠭ᠎ᠠ ᠶᠢ ᠲᠣᠭᠲᠠᠭᠠᠴᠠᠢ᠃ ᠵᠥᠪᠯᠡᠯᠲᠦ ᠬᠣᠯᠪᠣᠭᠠᠲᠤ ᠤᠯᠤᠰ ᠤᠨ <ᠫᠢᠣᠨᠧᠷᠰᠺᠠᠶ᠎ᠠ> ᠰᠲ᠋ᠠᠨᠼ ᠲᠤ 7 ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -20℃ ᠲᠡᠮᠳᠡᠭᠯᠡᠭᠳᠡᠵᠡᠢ᠃ ᠵᠢᠯ ᠳᠤ 340 ᠬᠣᠨᠣᠭ ᠬᠦᠷᠲᠡᠯ᠎ᠡ ᠴᠠᠰᠤᠨ ᠰᠢᠭᠤᠷᠭ᠎ᠠ ᠪᠣᠯᠵᠤ ᠰᠠᠯᠬᠢᠨ ᠤ ᠬᠤᠷᠳᠤ 90 ᠮ/ᠰᠧᠺ ᠬᠦᠷᠡᠨ᠎ᠡ᠃

ᠠᠨᠲ᠋ᠠᠷᠺᠲ᠋ᠢᠳ᠋ ᠲᠢᠪ ᠤᠷᠭᠤᠮᠠᠯ᠂ ᠠᠮᠢᠲᠠᠨ ᠤ ᠠᠶᠢᠮᠠᠭ ᠢᠶᠠᠷ ᠪᠡᠶ᠎ᠡ ᠳᠠᠭᠠᠭᠰᠠᠨ ᠨᠢᠭᠡᠨ ᠮᠤᠵᠢ ᠪᠣᠯᠳᠠᠭ᠃ ᠡᠨᠳᠡ ᠪᠠᠶᠢᠭ᠎ᠠ ᠤᠷᠭᠤᠮᠠᠯ ᠤᠨ ᠵᠦᠢᠯᠡᠰ ᠬᠠᠭ᠂ ᠬᠥᠪᠳᠦ ᠡᠴᠡ ᠪᠥᠷᠢᠳᠬᠦ ᠪᠥᠭᠡᠳ 300 ᠵᠦᠢᠯ ᠬᠠᠭ᠂ 75 ᠵᠦᠢᠯ ᠬᠥᠪᠳᠦ ᠲᠣᠳᠣᠷᠬᠠᠶᠢᠯᠠᠭᠳᠠᠵᠠᠢ᠃ ᠡᠮᠦᠨᠡᠲᠦ ᠥᠷᠭᠡᠷᠢᠭ ᠦᠨ 64℃ ᠍ ᠠᠴᠠ ᠴᠠᠰᠢ ᠴᠡᠴᠡᠭ ᠪᠤᠶᠤ ᠳᠡᠭᠡᠳᠦ ᠤᠷᠭᠤᠮᠠᠯ ᠤᠨ ᠵᠦᠢᠯ ᠦᠳ ᠪᠠᠶᠢᠬᠤ ᠦᠭᠡᠢ᠃ ᠬᠣᠶᠢᠭ ᠤᠨ ᠬᠣᠶᠢᠳᠤ ᠺᠧᠺᠭᠧᠯᠧᠨ ᠦ ᠠᠷᠠᠯ ᠳᠤ ᠪᠠᠶᠢᠴᠠᠭᠠᠨ ᠤ ᠨᠢᠭᠡᠨ ᠵᠦᠢᠯ᠂ ᠮᠥᠨ 10 ᠣᠷᠴᠢᠮ ᠵᠦᠢᠯ ᠦᠨ ᠡᠪᠰᠦᠯᠢᠭ᠂ ᠦᠶ᠎ᠡ ᠳᠦ ᠤᠷᠭᠤᠮᠠᠯ ᠲᠣᠳᠣᠷᠬᠠᠶᠢᠯᠠᠭᠳᠠᠵᠠᠢ᠃

ᠬᠠᠭᠤᠷᠠᠢ ᠭᠠᠵᠠᠷ ᠤᠨ ᠠᠮᠢᠲᠠᠨ ᠪᠠᠶᠢᠬᠤ ᠦᠭᠡᠢ᠃ ᠬᠦᠷᠢᠶᠡᠯᠡᠨ ᠪᠠᠶᠢᠭ᠎ᠠ ᠳᠠᠯᠠᠢ ᠲᠡᠩᠭᠢᠰ ᠦᠳ ᠢᠶᠡᠷ ᠤᠰᠤᠨ ᠤ ᠠᠮᠢᠲᠠᠳ ᠪᠤᠢ᠃ ᠬᠥᠬᠥᠲᠡᠨ᠂ ᠰᠡᠯᠢᠭᠦᠷ ᠬᠥᠯᠲᠡᠨ᠂ ᠬᠠᠯᠢᠮᠠᠨ ᠤ ᠵᠦᠢᠯ ᠦᠳ ᠨᠡᠯᠢᠶᠡᠳ ᠡᠯᠪᠡᠭ᠃ ᠰᠡᠯᠢᠭᠦᠷ ᠬᠥᠯᠲᠡᠨ ᠦ ᠭᠣᠣᠯ ᠲᠥᠯᠥᠭᠡᠯᠡᠭᠴᠢ ᠨᠢ ᠳᠠᠯᠠᠢ ᠶᠢᠨ ᠬᠠᠪᠠ ᠶᠤᠮ᠃ ᠳᠠᠯᠠᠢ ᠶᠢᠨ ᠬᠠᠪᠠ ᠬᠥᠪᠪᠦᠭᠴᠢ ᠮᠥᠰᠦᠨ ᠳᠡᠭᠡᠷ᠎ᠡ ᠭᠠᠷᠴᠤ ᠬᠡᠪᠲᠡᠵᠦ ᠨᠠᠷᠠᠯᠠᠨ᠎ᠠ᠃ ᠳᠠᠯᠠᠢ᠂ ᠲᠡᠩᠭᠢᠰ ᠦᠨ ᠤᠰᠤᠨ ᠳᠤ ᠵᠢᠭᠠᠰᠤ᠂ ᠬᠠᠪᠴᠢ ᠬᠡᠯᠪᠡᠷᠢᠲᠡᠨ ᠡᠯᠪᠡᠭ ᠲᠡᠢ᠃ ᠡᠬᠡ ᠭᠠᠵᠠᠷ ᠤᠨ ᠡᠷᠭᠢ ᠪᠡᠷ ᠠᠮᠢᠳᠤᠷᠠᠬᠤ ᠭᠠᠭᠴᠠ ᠲᠥᠷᠥᠯ ᠦᠨ ᠠᠮᠢᠲᠠᠨ ᠨᠢ ᠣᠴᠣᠩ ᠰᠢᠪᠠᠭᠤ ᠶᠤᠮ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. National Geophysical Data Center. National Satellite, Data, and Information Service. 9 June, 2006 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ