ᠠᠨᠢᠰᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠨᠢᠰᠤ

ᠠᠨᠢᠰᠤ (Vaccinium vitis-idaea, ᠠᠩᠭᠯ᠃ lingonberry/cowberry) ᠨᠢ ᠨᠠᠪᠴᠢᠲᠤ ᠤᠷᠭᠤᠮᠠᠯ ᠤᠨ ᠲᠥᠷᠥᠯ ᠵᠢᠵᠢᠭ ᠵᠢᠮᠢᠰᠯᠢᠭ ᠦᠷ᠎ᠡ ᠪᠡᠷ ᠦᠷᠡᠵᠢᠳᠡᠭ ᠣᠢ ᠶᠢᠨ ᠤᠷᠭᠤᠮᠠᠯ ᠶᠤᠮ᠃ ᠲᠥᠪ ᠠᠽᠢᠶ᠎ᠠ᠂ ᠧᠦ᠋ᠷᠣᠫᠠ᠂ ᠬᠣᠶᠢᠳᠤ ᠠᠮᠧᠷᠢᠺᠠ ᠪᠠᠷ ᠥᠷᠭᠡᠨ ᠲᠠᠷᠬᠠᠵᠤ ᠤᠷᠭᠤᠳᠠᠭ᠃ ᠵᠢᠮᠢᠰ ᠨᠢ ᠬᠦᠨᠡᠰᠦᠨ ᠳᠦ ᠥᠷᠭᠡᠨ ᠬᠡᠷᠡᠭᠯᠡᠭᠳᠡᠳᠡᠭ᠃ ᠮᠣᠩᠭᠣᠯᠴᠤᠳ ᠠᠨᠢᠭᠰᠠᠨ ᠤ ᠨᠠᠪᠴᠢ ᠪᠠ ᠵᠢᠮᠢᠰ ᠢ ᠬᠠᠨᠢᠶᠠᠳᠤ ᠲᠣᠮᠣᠭᠣ ᠶᠢ ᠠᠨᠠᠭᠠᠬᠤ ᠳᠤ ᠥᠷᠭᠡᠨ ᠬᠡᠷᠡᠭᠯᠡᠳᠡᠭ᠃ ᠠᠨᠢᠰᠤ ᠨᠢ ᠬᠦᠢᠲᠡᠨᠳᠡ ᠨᠣᠭᠣᠭᠠᠨ ᠢᠶᠠᠷ ᠢᠶᠠᠨ ᠪᠠᠶᠢᠳᠠᠭ ᠮᠠᠰᠢ ᠲᠡᠰᠪᠦᠷᠢᠲᠡᠢ ᠤᠷᠭᠤᠮᠠᠯ ᠪᠥᠭᠡᠳ -40 ᠪᠠ ᠲᠡᠭᠦᠨ ᠡᠴᠡ ᠢᠯᠡᠭᠦᠦ ᠭᠷᠠᠳᠦᠶᠢᠰ ᠤᠨ ᠬᠦᠢᠲᠡᠨᠳᠡ ᠴᠤ ᠲᠡᠰᠪᠦᠷᠢᠯᠡᠳᠡᠭ ᠵᠤᠨ ᠳᠤ ᠪᠠᠨ ᠴᠢᠭᠢᠭᠯᠢᠭ ᠰᠡᠭᠦᠳᠡᠷᠯᠡᠭ ᠣᠢ ᠶᠢᠨ ᠪᠥᠰᠡ ᠳᠦ ᠤᠷᠭᠤᠳᠠᠭ᠂ ᠬᠠᠯᠠᠭᠤᠨ ᠵᠤᠨ ᠲᠠᠢ ᠪᠥᠰᠡ ᠳᠦ ᠰᠠᠶᠢᠨ ᠤᠷᠭᠤᠳᠠᠭ ᠦᠭᠡᠢ᠂ ᠬᠦᠴᠢᠯᠯᠢᠭ ᠬᠥᠷᠦᠰᠦᠨ ᠳᠦ ᠤᠷᠭᠤᠳᠠᠭ᠃ ᠠᠨᠢᠰᠤ ᠨᠢ ᠣᠯᠠᠨ ᠲᠥᠷᠥᠯ ᠦᠨ ᠸᠢᠲ᠋ᠠᠮᠢᠨ ᠨᠤᠭᠤᠳ ᠠᠮᠢᠨᠬᠦᠴᠢᠯ ᠦᠳ ᠠᠭᠤᠯᠳᠠᠭ ᠢᠶᠠᠷ ᠢᠶᠠᠨ ᠡᠷᠲᠡᠨ ᠡᠴᠡ ᠣᠯᠠᠨ ᠣᠷᠣᠨ ᠨᠤᠭᠤᠳ ᠲᠤ ᠡᠮᠴᠢᠯᠡᠭᠡᠨ ᠦ ᠤᠷᠭᠤᠮᠠᠯ ᠢᠶᠠᠷ ᠬᠡᠷᠡᠭᠯᠡᠭᠳᠡᠵᠦ ᠪᠠᠶᠢᠭᠰᠠᠨ ᠪᠥᠭᠡᠳ ᠰᠢᠪ ᠲᠦ᠂ ᠺᠠᠨᠠᠳᠠ ᠵᠡᠷᠭᠡ ᠤᠯᠤᠰ ᠤᠳ ᠲᠤ ᠬᠦᠨᠡᠰᠦᠨ ᠳᠦ ᠥᠷᠭᠡᠨ ᠬᠡᠷᠡᠭᠯᠡᠭᠳᠡᠳᠡᠭ ᠦᠨᠳᠦᠰᠦᠨ ᠦ ᠬᠣᠭᠣᠯᠠᠨ ᠤ ᠬᠢ ᠨᠢ ᠴᠢᠬᠤᠯᠠ ᠣᠷᠣᠴᠠ ᠶᠤᠮ᠃

http://wiki.uhaan.com/index.php?title=ᠠᠨᠢᠰᠤ&oldid=377676》 ᠍  ᠡᠴᠡ ᠠᠪᠤᠭᠰᠠᠨ

ᠪᠢᠴᠢᠭᠡᠰᠦ