ᠠᠨᠡ ᠹᠷᠠᠨᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠨᠡ ᠹᠷᠠᠨᠺ
ᠲᠦᠷᠦᠭᠰᠡᠨ 1929.06.12
ᠭᠧᠷᠮᠠᠨ᠂ ᠹᠷᠠᠨᠺᠹᠦ᠋ᠷ ᠲᠦ ᠬᠣᠲᠠ
ᠨᠠᠰᠤ ᠪᠠᠷᠠᠭᠰᠠᠨ 1945.03
ᠪᠧᠷᠭᠡᠨ-ᠪᠧᠯᠦᠭᠰᠡᠨ ᠬᠤᠷᠢᠬᠤ ᠯᠠᠭᠧᠷ
ᠦᠨᠳᠦᠰᠦᠲᠡᠨ ᠢᠪᠡᠷᠡᠢ

ᠠᠨᠡ ᠹᠷᠠᠨᠺ (ᠠᠨᠢᠯᠠᠶᠠᠰ ᠮᠠᠷᠢᠶ᠎ᠡ ᠹᠷᠠᠨᠺ 1929.06.12 - 1945.03) ᠭᠧᠷᠮᠠᠨ ᠤ ᠨᠠᠼᠢᠰᠮ ᠤᠨ ᠦᠶ᠎ᠡ ᠳᠦ ᠠᠮᠢᠳᠤᠷᠠᠵᠤ ᠪᠠᠶᠢᠭᠰᠠᠨ ᠢᠪᠡᠷᠡᠢ ᠥᠬᠢᠨ᠃ ᠲᠡᠷᠡ ᠪᠡᠷ ᠭᠧᠷᠮᠠᠨ ᠤ ᠹᠷᠠᠨᠺᠹᠦ᠋ᠷ ᠲᠦ ᠬᠣᠳᠠ ᠳᠤ 1929 ᠣᠨ ᠳᠤ ᠲᠦᠷᠦᠭᠰᠡᠨ ᠪᠥᠭᠡᠳ 1945 ᠣᠨ ᠳᠤ ᠪᠤᠶᠤ 15 ᠨᠠᠰᠤᠨ ᠳᠤ ᠪᠠᠨ "ᠪᠧᠷᠭᠡᠨ-ᠪᠧᠯᠦᠭᠰᠡᠨ" ᠶᠡᠸᠷᠧᠢᠴᠦᠳ ᠢ ᠣᠯᠠᠨ ᠢᠶᠠᠷ ᠬᠤᠷᠢᠬᠤ ᠯᠠᠭᠧᠷ ᠲᠤ ᠨᠠᠰᠤ ᠪᠠᠷᠠᠭᠰᠠᠨ ᠶᠤᠮ᠃ ᠲᠡᠭᠦᠨ ᠦ ᠪᠢᠴᠢᠭᠰᠡᠨ ᠡᠳᠦᠷ ᠦᠨ ᠲᠡᠮᠳᠡᠭᠯᠡᠯ ᠨᠢ ᠳᠡᠯᠡᠬᠡᠢ ᠶᠢᠨ II ᠳᠠᠶᠢᠨ ᠤ ᠦᠶ᠎ᠡ ᠶᠢᠨ ᠪᠠᠶᠢᠳᠠᠯ᠂ ᠥᠪᠡᠷ ᠦᠨ ᠠᠮᠢᠳᠤᠷᠠᠯ ᠳᠤ ᠪᠠᠨ ᠮᠡᠳᠡᠷᠡᠭᠰᠡᠨ ᠪᠠᠶᠠᠷ ᠬᠥᠭᠡᠷ᠂ ᠠᠶᠢᠳᠠᠰ ᠵᠡᠷᠭᠡ ᠪᠡᠨ ᠪᠢᠴᠢᠨ ᠦᠯᠡᠳᠡᠭᠡᠵᠦ ᠴᠢᠳᠠᠰᠤᠨ ᠢᠶᠠᠷ ᠢᠶᠠᠨ ᠳᠡᠯᠡᠬᠡᠢ ᠶᠢᠨ ᠠᠯᠳᠠᠷᠲᠠᠢ ᠨᠡᠶᠢᠲᠡᠯᠡᠯ ᠦᠨ ᠨᠢᠭᠡ ᠳᠦ ᠵᠦᠢ ᠶᠣᠰᠣᠭᠠᠷ ᠪᠠᠭᠲᠠᠳᠠᠭ᠃

ᠠᠨᠡ ᠨᠢ ᠭᠧᠷᠮᠠᠨ ᠤ ᠹᠷᠠᠨᠺᠹᠦ᠋ᠷ ᠲᠦ ᠬᠣᠳᠠ ᠳᠤ ᠲᠦᠷᠦᠭᠰᠡᠨ ᠪᠠ ᠲᠡᠭᠦᠨ ᠦ ᠠᠮᠢᠳᠤᠷᠠᠯ ᠤᠨ ᠶᠡᠬᠡᠩᠬᠢ ᠡᠳᠦᠷ ᠦᠳ ᠨᠢᠳᠧᠷᠯᠠᠨᠲ ᠤᠯᠤᠰ ᠤᠨ ᠠᠮᠰᠲ᠋ᠧᠷᠳᠠᠮ ᠬᠣᠳᠠ ᠳᠤ ᠥᠩᠭᠡᠷᠡᠭᠰᠡᠨ ᠪᠠᠶᠢᠨ᠎ᠠ᠃ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠬᠡᠪᠯᠡᠭᠳᠡᠭᠰᠡᠨ "ᠠᠨ᠎ᠡ ᠶᠢᠨ ᠡᠳᠦᠷ ᠦᠨ ᠲᠡᠮᠳᠡᠭᠯᠡᠯ" ᠨᠣᠮ ᠨᠢ ᠳᠡᠯᠡᠬᠡᠢ ᠶᠢᠨ ᠰᠣᠨᠣᠷ ᠲᠤ ᠬᠦᠷᠦᠭᠰᠡᠨ ᠶᠤᠮ᠃ 1933 ᠣᠨ ᠳᠤ ᠨᠠᠼᠢᠰᠲ ᠤᠳ ᠭᠧᠷᠮᠠᠨ ᠤ ᠲᠥᠷᠥ ᠶᠢᠨ ᠡᠷᠬᠡᠨ ᠳᠦ ᠭᠠᠷᠤᠭᠰᠠᠨ ᠡᠳᠦᠷ ᠦᠳ ᠲᠦ ᠠᠨ᠎ᠡ ᠶᠢᠨ ᠡᠴᠢᠭᠡ ᠭᠡᠷ ᠦᠨ ᠬᠢᠨ ᠲᠡᠢ ᠪᠡᠨ ᠨᠢᠳᠧᠷᠯᠠᠨ᠋ᠳ᠋ ᠍ ᠤᠨ ᠠᠮᠰᠲ᠋ᠧᠷᠳᠠᠮ ᠬᠣᠲᠠ ᠯᠤᠤ ᠨᠡᠭᠦᠨ ᠰᠢᠯᠵᠢᠨ ᠰᠠᠭᠤᠷᠢᠰᠢᠨ ᠠᠮᠢᠳᠤᠷᠠᠵᠠᠢ᠃ 1940 ᠣᠨ ᠤ 5 ᠰᠠᠷ᠎ᠠ ᠳᠤ ᠭᠧᠷᠮᠠᠨᠴᠤᠳ ᠨᠢᠳᠧᠷᠯᠠᠨ᠋ᠳ᠋ ᠍ ᠢ ᠡᠵᠡᠯᠡᠨ ᠠᠪᠬᠤ ᠦᠶ᠎ᠡ ᠳᠦ ᠭᠡᠷ ᠪᠦᠯᠢ ᠪᠡᠷ ᠢᠶᠡᠨ ᠠᠶᠤᠯ ᠲᠠᠢ ᠪᠠᠶᠢᠳᠠᠯ ᠣᠷᠣᠭᠰᠠᠨ ᠶᠤᠮ᠃ ᠠᠨᠡ 1942 ᠣᠨ ᠤ ᠵᠤᠨ ᠠᠴᠠ ᠡᠬᠢᠯᠡᠨ ᠥᠪᠡᠷ ᠦᠨ ᠡᠳᠦᠷ ᠦᠨ ᠲᠡᠮᠳᠡᠭᠯᠡᠯ ᠢᠶᠡᠨ ᠬᠥᠲᠥᠯᠵᠢ ᠡᠬᠢᠯᠡᠵᠡᠢ᠃

1942 ᠣᠨ ᠳᠤ ᠨᠠᠼᠢᠰᠲ ᠤᠳ ᠶᠡᠸᠷᠧᠢᠴᠦᠳ ᠢ ᠣᠯᠠᠨ ᠢᠶᠠᠷ ᠬᠤᠷᠢᠬᠤ ᠯᠠᠭᠧᠷ ᠯᠤᠤ ᠠᠴᠢᠬ᠎ᠠ ᠦᠶ᠎ᠡ ᠳᠦ ᠲᠡᠭᠦᠨ ᠦ ᠡᠴᠢᠭᠡ ᠣᠳᠲᠠ ᠹᠷᠠᠨᠺ ᠥᠪᠡᠷ ᠦᠨ ᠺᠣᠮᠫᠠᠨᠢᠢ ᠪᠠᠶᠢᠷᠢᠨ ᠳᠤ ᠭᠡᠷ ᠪᠦᠯᠢ ᠪᠡᠨ ᠨᠢᠭᠤᠭᠰᠠᠨ ᠪᠠᠶᠢᠨ᠎ᠠ᠃ ᠭᠡᠪᠡᠴᠦ 1944 ᠣᠨ ᠤ 8 ᠰᠠᠷ᠎ᠠ ᠶᠢᠨ 4 ᠍ ᠳᠦ ᠮᠡᠳᠡᠭᠡᠯᠡᠭᠴᠢᠳ ᠦᠨ ᠤᠷᠰᠢᠭ ᠢᠶᠠᠷ ᠲᠡᠳᠡᠨ ᠦ ᠭᠡᠷ ᠪᠦᠯᠢ ᠪᠠᠷᠢᠭᠳᠠᠭᠰᠠᠨ ᠪᠥᠭᠡᠳ 1 ᠰᠠᠷ᠎ᠠ ᠶᠢᠨ ᠳᠠᠷᠠᠭ᠎ᠠ ᠪᠧᠷᠭᠡᠨ-ᠪᠧᠯᠦᠭᠰᠡᠨ ᠬᠤᠷᠢᠬᠤ ᠯᠠᠭᠧᠷ ᠯᠤᠤ ᠶᠠᠪᠤᠭᠤᠯᠤᠭᠰᠠᠨ ᠪᠠᠶᠢᠨ᠎ᠠ᠃

ᠠᠨᠡ ᠹᠷᠠᠨᠺ ᠨᠢᠭᠤᠭᠳᠠᠵᠤ ᠪᠠᠶᠢᠭᠰᠠᠨ ᠦᠶ᠎ᠡ ᠶᠢᠨ ᠢᠶᠡᠨ ᠲᠤᠷᠰᠢ ᠡᠳᠦᠷ ᠦᠨ ᠲᠡᠮᠳᠡᠭᠯᠡᠯ ᠢᠶᠡᠨ ᠬᠥᠲᠥᠯᠦᠭᠰᠡᠨ ᠪᠠ ᠠᠨᠡ ᠪᠠᠷᠢᠭᠳᠠᠭᠰᠠᠨ ᠤ ᠳᠠᠷᠠᠭ᠎ᠠ ᠲᠡᠭᠦᠨ ᠦ ᠡᠳᠦᠷ ᠦᠨ ᠲᠡᠮᠳᠡᠭᠯᠡᠯ ᠢ ᠣᠳᠲᠠ ᠺᠣᠮᠫᠠᠨᠢᠢ (ᠣᠳᠲᠠ ᠹᠷᠠᠨᠺ ᠡᠴᠢᠭᠡ ᠶᠢᠨ ᠬᠢ ᠨᠢ ᠺᠣᠮᠫᠠᠨᠢ) ᠡᠮᠡᠭᠲᠡᠢ ᠠᠵᠢᠯᠲᠠᠨ ᠮᠢᠹᠰ ᠭᠡᠶᠡᠰ ᠠᠪᠴᠤ ᠬᠠᠳᠠᠭᠠᠯᠠᠭᠰᠠᠨ ᠪᠠᠶᠢᠨ᠎ᠠ᠃ ᠳᠠᠶᠢᠨ ᠳᠠᠭᠤᠰᠴᠤ ᠡᠴᠢᠭᠡ ᠣᠳᠲᠠ ᠰᠤᠯᠠᠯᠠᠭᠳᠠᠭᠰᠠᠨ ᠤ ᠳᠠᠷᠠᠭ᠎ᠠ ᠮᠢᠹᠰ ᠲᠡᠭᠦᠨ ᠳᠦ ᠥᠬᠢᠨ ᠤ ᠬᠢ ᠨᠢ ᠡᠳᠦᠷ ᠦᠨ ᠲᠡᠮᠳᠡᠭᠯᠡᠯ ᠢ ᠥᠭᠭᠦᠭᠰᠡᠨ ᠪᠠᠶᠢᠨ᠎ᠠ᠃ ᠡᠳᠦᠷ ᠦᠨ ᠲᠡᠮᠳᠡᠭᠯᠡᠯ ᠳᠦ ᠠᠨ᠎ᠡ ᠶᠢᠨ 13 ᠨᠠᠰᠤᠲᠠᠢ ᠦᠶ᠎ᠡ ᠪᠡᠨ ᠡᠴᠡ ᠡᠬᠢᠯᠡᠨ ᠲᠡᠮᠳᠡᠭᠯᠡᠭᠳᠡᠭᠰᠡᠨ ᠪᠠᠶᠢᠨ᠎ᠠ᠃ ᠲᠡᠷᠡ ᠪᠡᠷ 1942 ᠣᠨ ᠤ 6 ᠰᠠᠷ᠎ᠠ ᠶᠢᠨ 12 ᠍ ᠨᠣᠣᠰᠣ 1944 ᠣᠨ ᠤ 8 ᠰᠠᠷ᠎ᠠ ᠶᠢᠨ 1 ᠬᠦᠷᠲᠡᠯ᠎ᠡ ᠡᠳᠦᠷ ᠦᠨ ᠲᠡᠮᠳᠡᠭᠯᠡᠯ ᠢᠶᠡᠨ ᠬᠥᠲᠥᠯᠵᠢ᠂ ᠥᠪᠡᠷ ᠦᠨ ᠠᠮᠢᠳᠤᠷᠠᠯ ᠢᠶᠠᠨ ᠪᠢᠴᠢᠨ ᠦᠯᠡᠳᠡᠭᠡᠵᠢ ᠪᠡᠨ᠃ 1947 ᠣᠨ ᠳᠤ ᠡᠴᠢᠭᠡ ᠣᠳᠲᠠ ᠹᠷᠠᠨᠺ ᠨᠢ "ᠠᠨ᠎ᠡ ᠶᠢᠨ ᠡᠳᠦᠷ ᠦᠨ ᠲᠡᠮᠳᠡᠭᠯᠡᠯ" ᠨᠡᠷ᠎ᠡ ᠲᠡᠢ ᠪᠡᠷ ᠬᠡᠪᠯᠡᠭᠰᠡᠨ ᠪᠠᠶᠢᠨ᠎ᠠ᠃

ᠪᠢᠴᠢᠭᠡᠰᠦ