ᠠᠨᠠᠰᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠨᠠᠰᠢ
Giraffe standing.jpg
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠠᠩᠭᠢ: ᠬᠥᠬᠥᠲᠡᠨ
ᠪᠠᠭ: ᠰᠠᠯᠠᠭ᠎ᠠ ᠲᠤᠭᠤᠷᠠᠶᠢᠲᠠᠨ (Artiodactyla)
ᠣᠪᠤᠭ: Giraffidae
ᠲᠥᠷᠥᠯ: Giraffa
ᠵᠦᠢᠯ: G. camelopardalis
ᠯᠠᠲ᠋ᠢᠨ ᠨᠡᠷ᠎ᠡ
Giraffa camelopardalis
ᠯᠢᠨᠡᠨᠢ1758
ᠲᠠᠷᠬᠠᠴᠠ
ᠲᠠᠷᠬᠠᠴᠠ

ᠠᠨᠠᠰᠢ ᠨᠢ ᠠᠹᠷᠢᠺᠠ ᠲᠢᠪ ᠲᠦ ᠠᠮᠢᠳᠤᠷᠠᠳᠠᠭ ᠰᠠᠯᠠᠭ᠎ᠠ ᠲᠤᠭᠤᠷᠠᠢ ᠲᠠᠢ ᠬᠥᠬᠥᠲᠡᠨ ᠪᠠ ᠬᠠᠭᠤᠷᠠᠢ ᠭᠠᠵᠠᠷ ᠠᠮᠢᠳᠤᠷᠠᠵᠤ ᠪᠤᠢ ᠠᠮᠢᠲᠠᠳ ᠠᠴᠠ ᠬᠠᠮᠤᠭ ᠤᠨ ᠥᠨᠳᠥᠷ ᠪᠥᠭᠡᠳ ᠬᠠᠮᠤᠭ ᠤᠨ ᠲᠣᠮᠣ ᠬᠡᠪᠢᠭᠴᠢ ᠠᠮᠢᠲᠠᠨ ᠶᠤᠮ᠃

ᠪᠡᠶ᠎ᠡ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠠᠰᠤ ᠪᠡᠶ᠎ᠡ ᠭᠦᠢᠴᠡᠭᠰᠡᠨ ᠡᠷ᠎ᠡ ᠠᠨᠠᠰᠢ ᠳᠤᠮᠳᠠᠴᠢ ᠪᠠᠷ 1,191 ᠺᠢᠯᠣᠭ᠍ᠷᠠᠮ ᠪᠠ ᠡᠮ᠎ᠡ ᠨᠢ 828 ᠺᠢᠯᠣᠭ᠍ᠷᠠᠮ ᠪᠠᠶᠢᠨ᠎ᠠ᠃ ᠥᠨᠳᠥᠷ ᠨᠢ 4.3-5.2 ᠮ ᠪᠠ ᠬᠠᠮᠤᠭ ᠤᠨ ᠥᠨᠳᠥᠷ ᠲᠦ ᠪᠦᠷᠢᠳᠬᠡᠭᠳᠡᠭᠰᠡᠨ ᠠᠨᠠᠰᠢ 6 ᠮ ᠬᠦᠷᠴᠦ ᠪᠠᠶᠢᠴᠠᠢ᠃ ᠠᠨᠠᠰᠢ ᠨᠢ ᠭᠣᠣᠯᠳᠠᠭᠤ ᠰᠠᠪᠤᠩᠨᠠ᠂ ᠡᠪᠡᠰᠦ ᠳᠦ ᠲᠠᠯ᠎ᠠ᠂ ᠣᠶᠢᠷᠬᠠᠭ ᠭᠠᠵᠠᠷ ᠢᠶᠠᠷ ᠨᠤᠲᠤᠭᠯᠠᠨ᠎ᠠ᠃ ᠬᠤᠸᠠᠶᠢᠰ ᠮᠣᠳᠣ ᠶᠡᠬᠡ ᠲᠡᠢ ᠭᠠᠵᠠᠷ ᠳᠤᠷᠠᠯᠠᠨ᠎ᠠ᠃ ᠠᠷᠠᠰᠤ ᠨᠢ ᠰᠢᠷᠭᠠᠯ ᠪᠣᠷᠳᠣᠭᠤ ᠥᠩᠭᠡ ᠶᠢᠨ ᠲᠣᠯᠪᠣ ᠬᠡ ᠲᠡᠢ ᠪᠠ ᠴᠠᠭᠠᠨ ᠰᠤᠳᠠᠯ ᠤᠳ ᠢᠶᠠᠷ ᠡᠷᠢᠶᠡᠯᠵᠢᠯᠡᠭᠰᠡᠨ ᠪᠠᠶᠢᠳᠠᠭ ᠪᠠ ᠪᠦᠬᠦ ᠠᠨᠠᠰᠢ ᠥᠭᠡᠷ᠎ᠡ ᠪᠠᠶᠢᠳᠠᠭ᠃ ᠠᠨᠠᠰᠢ ᠨᠢ ᠬᠥᠩᠭᠡᠨ ᠵᠥᠭᠡᠯᠡᠨ ᠠᠯᠬᠤᠭ᠎ᠠ᠂ ᠶᠠᠪᠤᠳᠠᠯ ᠲᠠᠢ ᠴᠤ ᠬᠡᠷᠡᠭᠴᠡᠭᠡ ᠲᠡᠢ ᠦᠶ᠎ᠡ ᠳᠦ ᠴᠠᠭ ᠲᠤ 55 ᠺᠢᠯᠣᠮᠧᠲ᠋ᠷ ᠰ ᠢᠯᠡᠭᠦᠦ ᠬᠤᠷᠳᠤᠯᠠᠵᠤ ᠴᠢᠳᠠᠳᠠᠭ ᠠᠵᠢ᠃ ᠠᠨᠠᠰᠢ ᠶᠢᠨ ᠵᠢᠷᠦᠬᠡ 10 ᠺᠢᠯᠣᠭ᠍ᠷᠠᠮ ᠬᠦᠷᠲᠡᠯ᠎ᠡ ᠵᠢᠩ ᠲᠡᠢ᠂ 60 ᠰᠠᠨᠲ᠋ᠢᠮᠧᠲ᠋ᠷ ᠤᠷᠲᠤ ᠲᠠᠢ ᠲᠣᠮᠣ ᠪᠠᠶᠢᠳᠠᠭ᠃ ᠡᠨᠡ ᠨᠢ ᠵᠢᠷᠦᠬᠡᠨ ᠡᠴᠡ ᠲᠠᠷᠢᠬᠢ ᠬᠦᠷᠲᠡᠯ᠎ᠡ 2 ᠮ ᠵᠠᠢ ᠶᠢᠨ ᠳᠤ ᠴᠢᠰᠤ ᠰᠢᠬᠠᠬᠤ ᠳᠤ ᠵᠣᠬᠢᠴᠠᠭᠰᠠᠨ ᠪᠠ ᠪᠤᠰᠤᠳ ᠲᠣᠮᠣ ᠬᠥᠬᠥᠲᠡᠨ ᠡᠴᠡ 2 ᠳᠠᠬᠢᠨ ᠥᠨᠳᠥᠷ ᠴᠢᠰᠤᠨ ᠤ ᠳᠠᠷᠤᠯᠲᠠ ᠲᠠᠢ ᠶᠤᠮ᠃ 40 ᠰᠠᠨᠲ᠋ᠢᠮᠧᠲ᠋ᠷ ᠬᠦᠷᠬᠦ ᠤᠷᠲᠤ ᠬᠡᠯᠡ ᠲᠡᠢ ᠪᠠ ᠡᠭᠦᠪᠡᠷ ᠢᠶᠡᠨ ᠥᠨᠳᠥᠷ ᠮᠣᠳᠣᠨ ᠤ ᠣᠷᠣᠢ ᠠᠴᠠ ᠨᠠᠪᠴᠢ ᠵᠡᠷᠭᠡ ᠶᠢ ᠣᠷᠢᠶᠠᠨ ᠠᠪᠴᠤ ᠢᠳᠡᠳᠡᠭ᠃ ᠠᠨᠠᠰᠢ ᠨᠢ ᠬᠥᠬᠥᠲᠡᠨ ᠦ ᠳᠣᠲᠣᠷ᠎ᠠ ᠬᠠᠮᠤᠭ ᠤᠨ ᠪᠣᠭᠣᠨᠢ ᠤᠨᠲᠠᠳᠠᠭ ᠠᠮᠢᠲᠠᠨ ᠶᠤᠮ᠃ ᠨᠢᠭᠡ ᠡᠳᠦᠷ ᠲᠦ 10-20 ᠮᠢᠨᠦ᠋ᠲ᠂ ᠤᠷᠲᠤᠳᠠᠭ᠎ᠠ ᠯᠠ 1 ᠴᠠᠭ ᠭᠠᠷᠤᠢ ᠤᠨᠲᠠᠳᠠᠭ ᠠᠵᠢ᠃

ᠦᠷᠡᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮ ᠠᠨᠠᠰᠢ 400-460 ᠡᠳᠦᠷ ᠦᠷ᠎ᠡ ᠲᠥᠯ ᠢᠶᠡᠨ ᠲᠡᠭᠡᠭᠡᠬᠦ ᠪᠠ ᠶᠡᠬᠡᠪᠴᠢᠯᠡᠨ ᠨᠢᠭᠡ ᠲᠤᠭᠤᠯ ᠲᠥᠷᠦᠭᠦᠯᠦᠨ᠎ᠡ᠃ ᠬᠣᠪᠣᠷ ᠲᠣᠬᠢᠶᠠᠯᠳᠤᠯ ᠳᠤ ᠢᠬᠡᠷᠡᠯᠡᠳᠡᠭ᠃ ᠳᠥᠩᠭᠡᠵᠢ ᠲᠦᠷᠦᠭᠰᠡᠨ ᠨᠢᠯᠬ᠎ᠠ ᠠᠨᠠᠰᠢ 1.8 ᠮ ᠥᠨᠳᠥᠷ᠂ 50 ᠺᠢᠯᠣᠭ᠍ᠷᠠᠮ ᠵᠢᠩᠲᠡᠢ ᠪᠠᠶᠢᠬᠤ ᠪᠠ ᠬᠡᠳᠦᠬᠡᠨ ᠴᠠᠭ ᠤᠨ ᠳᠣᠲᠣᠷ᠎ᠠ ᠬᠥᠯ ᠳᠡᠭᠡᠷ᠎ᠡ ᠪᠡᠨ ᠲᠡᠩᠴᠡᠨ ᠭᠦᠶᠦᠵᠦ᠂ ᠳᠠᠪᠬᠢᠨ᠎ᠠ᠃ 4 ᠨᠠᠰᠤ ᠬᠦᠷᠢᠶ᠎ᠡ ᠳᠦ ᠨᠠᠰᠤ ᠪᠡᠶ᠎ᠡ ᠭᠦᠢᠴᠡᠬᠦ ᠪᠠ 25 ᠬᠦᠷᠲᠡᠯ᠎ᠡ ᠨᠠᠰᠤᠯᠠᠳᠠᠭ᠃ ᠠᠮᠢᠲᠠᠨ ᠤ ᠬᠦᠷᠢᠶᠡᠯᠡᠩ ᠵᠡᠷᠭᠡ ᠭᠠᠵᠠᠷ 35 ᠨᠠᠰᠤᠯᠠᠬᠤ ᠨᠢ ᠪᠤᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠠᠨᠠᠰᠢ»
http://wiki.uhaan.com/index.php?title=ᠠᠨᠠᠰᠢ&oldid=330025》 ᠍  ᠡᠴᠡ ᠠᠪᠤᠭᠰᠠᠨ

ᠪᠢᠴᠢᠭᠡᠰᠦ