ᠠᠨᠠᠨᠳ ᠤᠨ ᠠᠮᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠠᠨᠠᠨᠳ ᠤᠨ ᠠᠮᠤᠷ

ᠠᠳᠠᠨᠪᠤᠤ ᠶᠢᠨ ᠠᠮᠤᠷ (1886 - 1941 ᠣᠨ ᠤ 7 ᠰᠠᠷ᠎ᠠ ᠶᠢᠨ 10) ᠨᠢ ᠮᠣᠩᠭᠣᠯ ᠲᠥᠷᠥ ᠶᠢᠨ ᠲᠤᠯᠬᠤᠲᠠᠢ ᠵᠢᠳᠬᠦᠯᠲᠡᠨ ᠪᠠᠶᠢᠪᠠ᠃ ᠲᠡᠷᠡ ᠪᠡᠷ 1928 ᠣᠨ ᠤ 2 ᠰᠠᠷ᠎ᠠ ᠶᠢᠨ 21 ᠍ ᠡᠴᠡ 1930 ᠣᠨ ᠤ 4 ᠰᠠᠷ᠎ᠠ ᠶᠢᠨ 27 ᠬᠦᠷᠲᠡᠯ᠎ᠡ ᠮᠣᠩᠭᠣᠯ ᠤᠯᠤᠰ ᠤᠨ ᠶᠡᠷᠦᠩᠬᠡᠢ ᠰᠠᠶᠢᠳ1934 ᠣᠨ ᠤ 6 ᠰᠠᠷ᠎ᠠ ᠶᠢᠨ 2 ᠍ ᠠᠴᠠ 1936 ᠣᠨ ᠤ 3 ᠰᠠᠷ᠎ᠠ ᠶᠢᠨ 22 ᠬᠦᠷᠲᠡᠯ᠎ᠡ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ᠂ 1936 ᠣᠨ ᠤ 3 ᠰᠠᠷ᠎ᠠ ᠶᠢᠨ 22 ᠍ ᠠᠴᠠ 1939 ᠣᠨ ᠤ 3 ᠰᠠᠷ᠎ᠠ ᠶᠢᠨ 7 ᠍ ᠤ ᠬᠣᠭᠣᠷᠣᠨᠳᠣ ᠳᠠᠬᠢᠨ ᠶᠡᠷᠦᠩᠬᠡᠢ ᠰᠠᠶᠢᠳ ᠢᠶᠠᠷ ᠲᠤᠰ ᠲᠤᠰ ᠠᠵᠢᠯᠯᠠᠵᠤ ᠪᠠᠶᠢᠪᠠ᠃ 1939 ᠣᠨ ᠳᠤ ᠪᠠᠷᠢᠪᠴᠢᠯᠠᠭᠳᠠᠵᠤ᠂ 1941 ᠣᠨ ᠳᠤ ᠮᠣᠰᠺᠸᠠ ᠬᠣᠳᠠ ᠳᠤ ᠴᠠᠭᠠᠵᠠ ᠪᠠᠷ ᠠᠪᠬᠠᠭᠤᠯᠵᠠᠢ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠳᠠᠨᠪᠤᠤ ᠶᠢᠨ ᠠᠮᠤᠷ ᠨᠢ 1886 ᠣᠨ ᠳᠤ ᠲᠦᠰᠢᠶᠡᠲᠦ ᠬᠠᠨ ᠠᠶᠢᠮᠠᠭ ᠤᠨ ᠡᠷᠳᠡᠨᠢ ᠳᠠᠶᠢᠴᠢᠨ ᠸᠠᠩ ᠤᠨ ᠬᠣᠰᠢᠭᠤ᠂ ᠣᠳᠣ ᠶᠢᠨ ᠪᠤᠯᠠᠭᠠᠨ ᠠᠶᠢᠮᠠᠭ ᠤᠨ ᠬᠠᠩᠭᠠᠯ ᠰᠤᠮᠤ ᠶᠢᠨ ᠨᠤᠲᠤᠭ ᠲᠤ ᠠᠳᠠᠨᠪᠤᠤ ᠶᠢᠨ ᠬᠦᠦ ᠪᠣᠯᠤᠨ ᠲᠥᠷᠦᠵᠢᠭᠡ᠃ ᠠᠮᠤᠷ ᠢ 12 ᠨᠠᠰᠤ ᠬᠦᠷᠬᠦ ᠳᠦ ᠡᠴᠢᠭᠡ ᠨᠢ ᠥᠪᠡᠷ ᠦᠨ ᠬᠣᠰᠢᠭᠤᠨ ᠤ ᠲᠠᠮᠠᠭ᠎ᠠ ᠶᠢᠨ ᠭᠠᠵᠠᠷ ᠤᠨ ᠳᠡᠷᠭᠡᠳᠡᠬᠢ ᠪᠢᠴᠢᠭ ᠦᠨ ᠰᠤᠷᠭᠠᠭᠤᠯᠢ ᠳᠤ ᠣᠷᠣᠭᠤᠯᠵᠠᠢ᠃ ᠬᠢᠴᠢᠶᠡᠯ ᠣᠷᠣᠯᠳᠤᠯᠭ᠎ᠠ ᠰᠠᠶᠢᠲᠠᠢ ᠠᠮᠤᠷ ᠲᠡᠳᠦᠯ ᠦᠭᠡᠢ ᠮᠣᠩᠭᠣᠯ ᠪᠢᠴᠢᠭ ᠰᠠᠶᠢᠨ ᠰᠤᠷᠴᠤ ᠮᠠᠨᠵᠤᠲᠥᠪᠡᠳ ᠬᠡᠯᠡ ᠪᠢᠴᠢᠭ ᠴᠤ ᠲᠥᠰᠦᠭᠡᠯᠡᠳᠡᠭ ᠪᠣᠯᠵᠤ᠂ ᠲᠡᠷᠡ ᠪᠡᠷ ᠮᠠᠨᠵᠤ ᠴᠢᠩ ᠤᠯᠤᠰ ᠤᠨ ᠦᠶ᠎ᠡ ᠳᠦ ᠪᠢᠴᠢᠭᠡᠴᠢ᠂ ᠡᠬᠡ ᠵᠣᠬᠢᠶᠠᠭᠴᠢ ᠲᠦᠰᠢᠮᠡᠯ ᠢᠶᠡᠷ ᠠᠵᠢᠯᠯᠠᠵᠤ ᠪᠠᠶᠢᠭᠠᠳ 1913 ᠣᠨ ᠠᠴᠠ ᠪᠣᠭᠳᠠ ᠬᠠᠭᠠᠨᠲᠤ ᠮᠣᠩᠭᠣᠯ ᠤᠯᠤᠰ ᠤᠨ ᠭᠠᠳᠠᠭᠠᠳᠤ ᠶᠠᠪᠤᠳᠠᠯ ᠤᠨ ᠶᠠᠮᠤ᠂ ᠠᠶᠢᠮᠠᠭ ᠤᠨ ᠴᠢᠭᠤᠯᠭᠠᠨ ᠳᠤ ᠪᠢᠴᠢᠭᠡᠴᠢ᠂ ᠲᠦᠰᠢᠮᠡᠯ᠂ ᠳᠡᠰ ᠲᠦᠰᠢᠮᠡᠯ ᠢᠶᠡᠷ ᠠᠵᠢᠯᠯᠠᠵᠤ ᠪᠠᠶᠢᠭᠠᠳ 1917-1918 ᠣᠨ ᠳᠤ ᠮᠣᠩᠭᠣᠯ ᠤᠯᠤᠰ ᠤᠨ ᠬᠣᠶᠢᠳᠤ ᠬᠢᠯᠢ ᠬᠢᠵᠠᠭᠠᠷ ᠢ ᠬᠠᠷᠠᠭᠠᠯᠵᠠᠨ ᠬᠠᠮᠠᠭᠠᠯᠠᠭᠰᠠᠨ 50 ᠴᠡᠷᠢᠭ ᠢ ᠵᠠᠬᠢᠷᠤᠨ ᠰᠠᠭᠤᠴᠠᠢ᠃ 1919 ᠣᠨ ᠳᠤ ᠬᠢᠲᠠᠳ ᠤᠨ ᠬᠠᠷᠭᠢᠰ ᠴᠡᠷᠢᠭ ᠮᠣᠩᠭᠣᠯ ᠳᠤ ᠴᠥᠮᠥᠷᠡᠨ ᠣᠷᠣᠵᠤ ᠮᠣᠩᠭᠣᠯ ᠤᠨ ᠠᠦ᠋ᠲ᠋ᠣᠨᠣᠮᠢᠲᠤ ᠲᠥᠷᠥ ᠶᠢ ᠤᠰᠠᠳᠬᠠᠬᠤ ᠳᠤ ᠠᠮᠤᠷ ᠨᠤᠲᠤᠭ ᠲᠤ ᠪᠠᠨ ᠣᠳᠴᠤ᠂ ᠬᠣᠶᠠᠷ ᠵᠢᠯ ᠣᠷᠴᠢᠮ ᠬᠤᠭᠤᠴᠠᠭᠠᠨ ᠳᠤ ᠮᠠᠯ ᠠᠵᠢᠯ ᠡᠷᠬᠢᠯᠡᠨ ᠪᠠᠶᠢᠪᠠ᠃

ᠰᠤᠳᠤᠯᠤᠭᠠᠴᠢᠳ ᠤᠨ ᠲᠣᠭᠲᠠᠭᠠᠭᠰᠠᠨ ᠢᠶᠠᠷ ᠰᠦᠬᠡᠪᠠᠭᠠᠲᠤᠷ 1921 ᠣᠨ ᠤ ᠬᠠᠪᠤᠷ ᠬᠢᠯᠢ ᠶᠢᠨ ᠴᠢᠨᠠᠳᠤ ᠳᠤ ᠪᠠᠶᠢᠬᠤ ᠳᠤ ᠪᠠᠨ ᠠᠮᠤᠷ ᠪᠣᠯᠤᠨ ᠪᠤᠰᠤᠳ ᠳᠡᠪᠰᠢᠯᠲᠡ ᠦᠵᠡᠯ ᠲᠡᠢ ᠬᠦᠮᠦᠰ ᠲᠦ ᠨᠢᠭᠡ ᠪᠤᠰᠤ ᠤᠳᠠᠭ᠎ᠠ ᠡᠯᠴᠢ ᠵᠠᠷᠤᠵᠤ᠂ ᠠᠵᠢᠯ ᠬᠡᠷᠡᠭ ᠵᠥᠪᠯᠡᠵᠦ ᠪᠠᠶᠢᠪᠠ᠃ ᠮᠣᠩᠭᠣᠯ ᠣᠷᠣᠨ ᠳᠤ ᠠᠷᠠᠳ ᠤᠨ ᠬᠤᠪᠢᠰᠬᠠᠯ ᠢᠯᠠᠭᠰᠠᠨ ᠤ ᠳᠠᠷᠠᠭ᠎ᠠ ᠲᠡᠷᠡ ᠪᠡᠷ ᠨᠡᠶᠢᠰᠯᠡᠯ ᠬᠦᠷᠢᠶᠡᠨ ᠳᠦ ᠢᠷᠡᠵᠦ 1921 ᠣᠨ ᠤ ᠨᠠᠮᠤᠷ ᠠᠷᠠᠳ ᠤᠨ ᠵᠠᠰᠠᠭ ᠤᠨ ᠭᠠᠵᠠᠷ ᠤᠨ ᠲᠤᠰᠯᠠᠬᠤ ᠲᠦᠰᠢᠮᠡᠯ ᠦᠨ ᠠᠯᠪᠠᠨ ᠳᠤ ᠲᠣᠮᠢᠯᠠᠭᠳᠠᠨ ᠰᠢᠨ᠎ᠡ ᠮᠣᠩᠭᠣᠯ ᠤᠯᠤᠰ ᠲᠤ ᠬᠦᠴᠦᠨ ᠵᠢᠳᠬᠦᠵᠦ ᠡᠬᠢᠯᠡᠵᠡᠢ᠃

ᠤᠳᠠᠯ ᠦᠭᠡᠢ ᠭᠠᠳᠠᠭᠠᠳᠤ ᠶᠠᠪᠤᠳᠠᠯ ᠤᠨ ᠶᠠᠮᠤᠨ ᠤ ᠡᠷᠬᠢᠯᠡᠭᠰᠡᠨ ᠲᠦᠰᠢᠮᠡᠯ ᠢᠶᠡᠷ ᠳᠡᠪᠰᠢᠵᠦ᠂ ᠤᠯᠠᠮ ᠢᠶᠠᠷ ᠮᠥᠨ ᠰᠠᠶᠢᠳ ᠢᠶᠠᠷ ᠲᠣᠬᠣᠭᠠᠭᠳᠠᠨ ᠠᠵᠢᠯᠯᠠᠵᠤ ᠪᠠᠶᠢᠭᠠᠳ 1924-1925 ᠣᠨ ᠳᠤ ᠠᠵᠤ ᠠᠬᠤᠢ ᠶᠢᠨ ᠶᠠᠮᠤᠨ ᠤ ᠰᠠᠶᠢᠳ᠂ 1926-1927 ᠣᠨ ᠳᠤ ᠳᠣᠲᠣᠭᠠᠳᠤ ᠶᠠᠮᠤᠨ ᠤ ᠰᠠᠶᠢᠳ᠂ ᠡᠳ᠋ ᠍ ᠦᠨ ᠵᠠᠰᠠᠭ ᠤᠨ ᠲᠡᠷᠢᠭᠦᠯᠡᠭᠴᠢ ᠪᠡᠷ ᠠᠵᠢᠯᠯᠠᠭᠰᠠᠨ ᠪᠠᠶᠢᠨ᠎ᠠ᠃ 1928 ᠣᠨ ᠤ ᠡᠬᠢ ᠪᠡᠷ ᠬᠤᠷᠠᠯᠳᠤᠭᠰᠠᠨ ᠤᠯᠤᠰ ᠤᠨ ᠪᠠᠭ᠎ᠠ ᠬᠤᠷᠠᠯ ᠠᠴᠠ ᠠᠮᠤᠷ ᠢ ᠮᠣᠩᠭᠣᠯ ᠤᠯᠤᠰ ᠤᠨ ᠶᠡᠷᠦᠩᠬᠡᠢ ᠰᠠᠶᠢᠳ ᠢᠶᠠᠷ ᠲᠣᠮᠢᠯᠠᠭᠰᠠᠨ ᠳᠤ 1930 ᠣᠨ ᠬᠦᠷᠢᠲᠠᠯ᠎ᠠ ᠠᠵᠢᠯᠯᠠᠵᠤ ᠪᠠᠶᠢᠭᠠᠳ᠂ 1930-1932 ᠣᠨ ᠳᠤ ᠰᠢᠨᠵᠢᠯᠡᠬᠦ ᠤᠬᠠᠭᠠᠨ ᠤ ᠬᠦᠷᠢᠶᠡᠯᠡᠩ ᠦᠨ ᠳᠠᠷᠤᠭ᠎ᠠ᠂ 1932-1936 ᠣᠨ ᠳᠤ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ᠂ 1936-1939 ᠣᠨ ᠳᠤ ᠬᠣᠶᠠᠷᠠᠨᠲᠠ ᠮᠣᠩᠭᠣᠯ ᠠᠷᠠᠳ ᠤᠯᠤᠰ ᠤᠨ ᠵᠠᠰᠠᠭ ᠤᠨ ᠭᠠᠵᠠᠷ ᠤᠨ ᠶᠡᠷᠦᠩᠬᠡᠢ ᠰᠠᠶᠢᠳ ᠢᠶᠠᠷ ᠲᠤᠰ ᠲᠤᠰ ᠠᠵᠢᠯᠯᠠᠭᠰᠠᠨ᠃

ᠠᠳᠠᠨᠪᠤᠤ ᠶᠢᠨ ᠠᠮᠤᠷ ᠨᠠᠮ ᠲᠥᠷᠥ ᠶᠢᠨ ᠤᠳᠤᠷᠢᠳᠤᠯᠭ᠎ᠠ ᠳᠤ ᠠᠵᠢᠯᠯᠠᠵᠤ ᠪᠠᠶᠢᠬᠤ ᠳᠤ ᠪᠠᠨ ᠮᠣᠩᠭᠣᠯ ᠤᠯᠤᠰ ᠤᠨ ᠲᠥᠷᠥ ᠶᠢᠨ ᠲᠤᠰᠠᠭᠠᠷ ᠲᠣᠭᠲᠠᠨᠢᠯ ᠢ ᠬᠠᠮᠠᠭᠠᠯᠠᠨ ᠪᠡᠬᠢᠵᠢᠭᠦᠯᠬᠦ ᠳᠦ ᠶᠡᠬᠡᠳᠡ ᠠᠩᠬᠠᠷᠴᠤ ᠪᠠᠶᠢᠭᠰᠠᠨ᠃ ᠰᠲ᠋ᠠᠯᠢᠨ ᠢ ᠲᠠᠬᠢᠨ ᠰᠢᠲᠦᠭᠰᠡᠨ ᠨᠢ ᠮᠠᠨ ᠤ ᠳᠤ ᠨᠥᠯᠦᠭᠡᠯᠡᠵᠦ ᠬᠦᠮᠦᠰ ᠢ ᠣᠯᠠᠨ ᠢᠶᠠᠷ ᠬᠡᠯᠮᠡᠭᠳᠡᠭᠦᠯᠵᠦ ᠪᠠᠶᠢᠭᠰᠠᠨ ᠢ ᠠᠮᠤᠷ ᠲᠤᠬᠠᠢ ᠶᠢᠨ ᠦᠶ᠎ᠡ ᠳᠦ ᠡᠰᠡᠷᠭᠦᠴᠡᠵᠦ ᠪᠠᠶᠢᠴᠠᠢ᠃ ᠴᠣᠶᠢᠪᠠᠯᠰᠠᠩ ᠨᠠᠷ 1933 ᠣᠨ ᠳᠤᠵᠣᠬᠢᠶᠠᠮᠠᠯ ᠢᠶᠠᠷ ᠡᠭᠦᠰᠬᠡᠭᠰᠡᠨ ᡀᠦᠮᠪᠦᠶᠢᠨ ᠬᠡᠷᠡᠭ ᠭᠡᠭᠴᠢ ᠶᠢ ᠲᠡᠷᠡ ᠪᠡᠷ ᠨᠢᠭᠲᠠᠯᠠᠭᠤᠯᠤᠨ ᠰᠢᠯᠭᠠᠭᠤᠯᠵᠤ ᠤᠭ ᠬᠡᠷᠡᠭ ᠦᠨᠳᠦᠰᠦ ᠦᠭᠡᠢ ᠲᠤᠯᠠ ᠪᠠᠷᠢᠭᠳᠠᠨ ᠬᠣᠷᠢᠭᠳᠠᠭᠰᠠᠨ ᠬᠦᠮᠦᠰ ᠦᠨ ᠶᠡᠬᠡᠩᠬᠢ ᠶᠢ ᠰᠤᠯᠠᠯᠠᠭᠤᠯᠬᠤ ᠠᠷᠭ᠎ᠠ ᠬᠡᠮᠵᠢᠶ᠎ᠡ ᠠᠪᠴᠤ ᠪᠠᠶᠢᠪᠠ᠃ "ᠬᠦᠮᠦᠨ ᠦ ᠡᠷᠬᠡ ᠶᠢ ᠬᠥᠰᠡᠷᠳᠡᠭᠦᠯᠵᠦ ᠪᠤᠢ ᠶᠢ ᠢᠯᠡᠴᠢᠯᠡᠨ ᠴᠤᠬᠤᠮ ᠳᠠᠭᠠᠨ ᠭᠡᠮᠲᠦ ᠬᠡᠷᠡᠭ ᠬᠡᠮᠡᠭᠴᠢ ᠢᠨᠦ ᠵᠢᠩᠬᠢᠨᠢ ᠬᠢᠵᠦ ᠦᠢᠯᠡᠳᠦᠭᠰᠡᠨ ᠶᠠᠪᠤᠳᠠᠯ ᠳᠡᠭᠡᠷ᠎ᠡ ᠡᠴᠡ ᠪᠦᠲᠦᠵᠦ ᠭᠠᠷᠳᠠᠭ ᠠᠴᠠ ᠪᠤᠰᠤ᠂ ᠬᠡᠨ ᠨᠢᠭᠡᠨ ᠬᠦᠮᠦᠨ ᠦ ᠰᠠᠨᠠᠭᠠᠨ ᠤ ᠳᠤᠷ᠎ᠠ ᠪᠠᠷ ᠵᠣᠬᠢᠶᠠᠮᠠᠯ ᠬᠡᠷᠡᠭ ᠪᠠ ᠵᠣᠬᠢᠶᠠᠮᠠᠯ ᠶᠠᠯ᠎ᠠ ᠬᠢᠵᠦ ᠶᠠᠪᠤᠭᠤᠯᠳᠠᠭ ᠶᠣᠰᠣᠨ ᠬᠠᠮᠢᠭ᠎ᠠ ᠴᠤ ᠪᠠᠶᠢᠵᠤ ᠪᠣᠯᠬᠤ ᠦᠭᠡᠢ" ᠬᠡᠮᠡᠨ ᠬᠡᠯᠡᠵᠡᠢ᠃

ᠬᠡᠯᠮᠡᠭᠳᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠳᠠᠨᠪᠤᠤ ᠶᠢᠨ ᠠᠮᠤᠷ ᠡᠯ᠎ᠡ ᠪᠣᠳᠣᠯᠭ᠎ᠠ᠂ ᠦᠢᠯᠡ ᠠᠵᠢᠯᠯᠠᠭ᠎ᠠ ᠴᠣᠶᠢᠪᠠᠯᠰᠠᠩ ᠨᠠᠷ ᠤᠨ ᠵᠣᠷᠢᠯᠭ᠎ᠠ ᠳᠤ ᠰᠠᠭᠠᠳ ᠲᠣᠳᠬᠠᠷ ᠪᠣᠯᠵᠤ ᠪᠠᠶᠢᠪᠠ᠃ ᠡᠶᠢᠮᠦ ᠳᠦ ᠠᠮᠤᠷ ᠲᠤ ᠤᠯᠤᠰ ᠲᠥᠷᠥ ᠶᠢᠨ ᠡᠰᠡᠷᠭᠦᠦ ᠬᠡᠷᠡᠭᠲᠡᠨ ᠬᠠᠶᠠᠭ ᠵᠡᠭᠦᠭᠡᠳ 1939 ᠣᠨ ᠤ 3 ᠰᠠᠷ᠎ᠠ ᠶᠢᠨ 7 ᠍ ᠳᠦ ᠪᠣᠯᠤᠭᠰᠠᠨ МАXᠨ ᠤᠨ ᠲᠥᠪ ᠬᠣᠷᠢᠶᠠᠨ ᠤ ᠲᠡᠷᠢᠭᠦᠯᠡᠭᠴᠢᠳ ᠦᠨ ᠬᠤᠷᠠᠯ ᠢᠶᠠᠷ ᠬᠡᠯᠡᠯᠴᠡᠵᠡᠢ᠃ ᠤᠭ ᠬᠤᠷᠠᠯ ᠳᠤ ᠨᠠᠷᠢᠨ ᠪᠢᠴᠢᠭ ᠦᠨ ᠳᠠᠷᠤᠭ᠎ᠠ ᠳ᠃ᠯᠤᠪᠰᠠᠩᠰᠢᠷᠠᠪ ᠠᠮᠤᠷ ᠤᠨ ᠨᠠᠮ ᠪᠤᠰᠤ ᠶᠠᠪᠤᠳᠠᠯ ᠤᠨ ᠲᠤᠬᠠᠢ ᠢᠯᠡᠳᠬᠡᠯ ᠲᠠᠯᠪᠢᠵᠤ ᠲᠡᠭᠦᠨ ᠳᠦ ᠪᠡᠨ

"ᠠᠮᠤᠷ ᠪᠣᠯ ᠠᠩᠬᠢ ᠶᠢᠨ ᠳᠠᠶᠢᠰᠤᠨ ᠤ ᠡᠷᠬᠡ ᠲᠤᠰᠠ ᠶᠢ ᠥᠮᠥᠭᠡᠯᠡᠨ ᠬᠠᠮᠠᠭᠠᠯᠠᠭᠴᠢ ᠮᠥᠨ᠃ ᠡᠨᠡ ᠨᠢ ᠶᠠᠫᠣᠨ ᠤ ᠲᠠᠩᠨᠠᠭᠤᠯ ᠤᠨ ᠲᠥᠯᠥᠭᠡᠯᠡᠭᠴᠢ ᠡᠴᠡ ᠬᠡᠳᠦᠨ ᠬᠤᠪᠢ ᠳᠣᠣᠷ᠎ᠠ ᠶᠤᠮ᠃ ᠲᠡᠷᠡ ᠵᠠᠯᠢᠲᠤ ᠠᠷᠭ᠎ᠠ ᠪᠠᠷ ᠥᠨᠳᠥᠷ ᠠᠯᠪᠠᠨ ᠲᠤᠰᠢᠶᠠᠯ ᠳᠤ ᠭᠠᠷᠤᠭᠰᠠᠨ ᠪᠠ ᠥᠪᠡᠷ ᠦᠨ ᠵᠣᠷᠢᠯᠭ᠎ᠠ ᠶᠢ ᠪᠡᠶᠡᠯᠡᠭᠦᠯᠬᠦ ᠶᠢᠨ ᠲᠤᠯᠠᠳᠠ ᠬᠤᠪᠢᠰᠬᠠᠯ ᠢ ᠠᠰᠢᠭᠯᠠᠬᠤ ᠶᠢ ᠣᠷᠣᠯᠳᠤᠵᠤ ᠪᠠᠶᠢᠪᠠ"

ᠭᠡᠬᠦᠴᠢᠯᠡᠨ ᠬᠠᠮᠤᠭ ᠪᠤᠷᠤᠭᠤ ᠶᠢ ᠲᠣᠬᠣᠭᠠᠵᠤ᠂ ᠬ᠃ᠴᠣᠶᠢᠪᠠᠯᠰᠠᠩ ᠳᠡᠮᠵᠢᠨ ᠡᠶᠢᠮᠦ ᠥᠩᠭᠡ ᠪᠡᠨ ᠪᠤᠳᠤᠭᠰᠠᠨ ᠳᠣᠲᠣᠷ᠎ᠠ ᠨᠢ ᠬᠠᠷᠯᠠᠭᠰᠠᠨ᠂ ᠢᠳᠡᠭᠡ ᠪᠡᠷ᠎ᠡ ᠪᠡᠷ ᠭᠦᠢᠴᠡᠭᠰᠡᠨ ᠡᠲᠡᠭᠡᠳ ᠢ ᠨᠠᠮ ᠤᠨ ᠬᠦᠷᠢᠶᠡᠯᠡᠯ ᠳᠦ ᠨᠢᠭᠡ ᠮᠢᠨᠦ᠋ᠲ ᠴᠤ ᠪᠠᠶᠢᠯᠭᠠᠬᠤ ᠦᠭᠡᠢ ᠬᠥᠭᠡᠭᠡᠪᠡᠰᠦ ᠵᠣᠬᠢᠨ᠎ᠠ᠂ ᠶᠡᠷᠦᠩᠬᠡᠢ ᠰᠠᠶᠢᠳ ᠤᠨ ᠲᠤᠰᠢᠶᠠᠯ ᠠᠴᠠ ᠰᠢᠭᠤᠳ ᠵᠠᠶᠢᠯᠠᠭᠤᠯᠪᠠᠯ ᠲᠠᠭᠠᠷᠠᠨ᠎ᠠ ᠭᠡᠵᠡᠢ᠃

ᠤᠭ ᠬᠤᠷᠠᠯ ᠳᠡᠭᠡᠷ᠎ᠡ ᠠᠮᠤᠷ

"ᠨᠠᠳᠠ ᠳᠤ ᠡᠶᠢᠮᠦ ᠠᠶᠤᠯ ᠲᠠᠢ ᠮᠥᠨᠳᠥᠷ ᠢᠷᠡᠵᠦ ᠡᠶᠢᠮᠦ ᠬᠦᠨᠳᠦ ᠪᠠᠶᠢᠳᠠᠯ ᠲᠠᠢ ᠪᠣᠯᠬᠤ ᠶᠢ ᠮᠡᠳᠡᠭᠰᠡᠨ᠃ ᠨᠥᠬᠥᠳ ᠨᠠᠮᠠᠢ ᠬᠠᠶᠠᠵᠤ ᠲᠠᠶᠠᠭᠳᠠᠬᠤ ᠪᠣᠯᠵᠠᠢ᠃ ᠭᠣᠮᠣᠳᠠᠬᠤ ᠭᠠᠵᠠᠷ ᠦᠭᠡᠢ᠃ ᠬᠣᠶᠠᠷ ᠲᠤ᠂ ᠨᠥᠬᠥᠳ ᠡᠴᠡ ᠡᠰᠡᠷᠭᠦᠦ ᠨᠠᠷ ᠲᠠᠢ ᠬᠣᠯᠪᠣᠭᠠᠲᠠᠢ ᠭᠡᠵᠦ ᠦᠵᠡᠳᠡᠭ ᠶᠤᠮ ᠤᠤ᠂ ᠨᠠᠮᠠᠢ ᠬᠠᠷᠠᠳᠠᠬᠤ ᠠᠪᠠᠰᠤ ᠪᠢ ᠬᠡᠷᠬᠢᠪᠡᠴᠦ ᠬᠦᠯᠢᠶᠡᠬᠦ ᠦᠭᠡᠢ᠃ ᠮᠢᠨᠦ ᠭᠠᠭᠴᠠᠬᠦ ᠢᠲᠡᠭᠡᠳᠡᠭ ᠵᠦᠢᠯ ᠨᠢ ᠮᠣᠩᠭᠣᠯ ᠬᠥᠯ ᠳᠡᠭᠡᠷ᠎ᠡ ᠪᠡᠨ ᠵᠣᠭᠰᠣᠵᠤ᠂ ᠲᠤᠰᠠᠭᠠᠷ ᠡᠷᠬᠡᠲᠡᠢ ᠤᠯᠤᠰ ᠪᠠᠶᠢᠭᠠᠰᠠᠢ ᠬᠡᠮᠡᠨ ᠢᠲᠡᠭᠡᠳᠡᠭ ᠠᠮᠤᠢ᠃ ᠪᠢ ᠤᠯᠤᠰ ᠣᠷᠣᠨ ᠳᠤ ᠪᠠᠨ ᠬᠠᠶᠢᠷᠠᠲᠠᠢ᠂ ᠪᠢ ᠥᠪᠡᠷ ᠢᠶᠡᠨ ᠡᠭᠦᠨ ᠢ ᠦᠵᠡᠭᠦᠯᠦᠭᠰᠡᠨ᠃ ᠮᠢᠨᠦ ᠪᠡᠶ᠎ᠡ ᠠᠩᠬᠠᠨ ᠤ ᠡᠳᠦᠷ ᠡᠴᠡ ᠡᠬᠢᠯᠡᠨ ᠤᠯᠤᠰ ᠢ ᠬᠥᠭᠵᠢᠭᠦᠯᠬᠦ ᠬᠡᠷᠡᠭ ᠲᠦ ᠣᠷᠣᠯᠴᠠᠵᠤ ᠶᠠᠪᠤᠭᠰᠠᠭᠠᠷ ᠡᠴᠦᠰ ᠲᠦ ᠤᠷᠪᠠᠭᠴᠢᠳ ᠬᠣᠯᠪᠣᠭᠳᠠᠵᠤ᠂ ᠬᠠᠶᠠᠭᠳᠠᠬᠤ ᠳᠤ ᠬᠦᠷᠪᠦ ᠡᠴᠡ ᠮᠢᠨᠦ ᠵᠢᠷᠦᠬᠡ ᠬᠠᠭᠠᠷᠠᠬᠤ ᠯᠤᠭ᠎ᠠ ᠠᠳᠠᠯᠢ ᠪᠠᠶᠢᠨ᠎ᠠ" ᠭᠡᠵᠦ ᠬᠡᠯᠡᠵᠡᠢ᠃ ᠮᠥᠨ ᠡᠳᠦᠷ ᠦᠨ ᠣᠷᠣᠢ 12 ᠍ ᠳᠦᠭᠡᠷ ᠪᠠᠭ᠎ᠠ ᠬᠤᠷᠠᠯ ᠪᠣᠯᠵᠤ᠂ ᠬ᠃ᠴᠣᠶᠢᠪᠠᠯᠰᠠᠩ ᠶᠡᠷᠦᠩᠬᠡᠢ ᠰᠠᠶᠢᠳ ᠠᠮᠤᠷ ᠤᠨ ᠠᠵᠢᠯ ᠶᠠᠪᠤᠭᠤᠯᠭ᠎ᠠ ᠶᠢᠨ ᠲᠤᠬᠠᠢ ᠢᠯᠡᠳᠬᠡᠯ ᠲᠠᠯᠪᠢᠵᠤ᠂ ᠤᠭ ᠬᠤᠷᠠᠯ ᠠᠴᠠ ᠭᠠᠷᠭᠠᠭᠰᠠᠨ ᠲᠣᠭᠲᠠᠭᠠᠯ ᠳᠤ "ᠠᠮᠤᠷ ᠨᠢ ᠶᠠᠫᠣᠨ ᠤ ᠡᠵᠡᠷᠬᠡᠭ ᠲᠦᠷᠢᠮᠡᠬᠡᠶᠢᠴᠢ ᠨᠦᠭᠦᠳ ᠦᠨ ᠬᠥᠯᠦᠰᠦᠨ ᠦ ᠲᠠᠩᠨᠠᠭᠤᠯ ᠤᠳ ᠪᠠ ᠡᠬᠡ ᠣᠷᠣᠨ ᠠᠴᠠ ᠪᠠᠨ ᠤᠷᠪᠠᠭᠴᠢᠳ ᠬᠢᠭᠡᠳ ᠳᠡᠭᠡᠳᠦ ᠠᠩᠬᠢ ᠶᠢᠨ ᠯᠠᠮᠠ ᠨᠠᠷ᠂ ᠹᠧᠣᠳᠠᠯ ᠨᠠᠷ ᠤᠨ ᠬᠤᠪᠢᠰᠬᠠᠯ ᠤᠨ ᠡᠰᠡᠷᠭᠦᠦ ᠠᠵᠢᠯ ᠶᠠᠪᠤᠭᠤᠯᠭ᠎ᠠ ᠶᠢ ᠪᠤᠲᠠ ᠨᠢᠷᠭᠡᠬᠦ ᠶᠠᠪᠤᠳᠠᠯ ᠳᠤ ᠲᠥᠷᠥᠯ ᠪᠦᠷᠢ ᠪᠡᠷ ᠡᠰᠡᠷᠭᠦᠴᠡᠯ ᠢ ᠤᠴᠠᠷᠠᠭᠤᠯᠵᠤ᠂ ᠦᠨᠡᠨ ᠬᠡᠷᠡᠭ ᠳᠡᠭᠡᠷ᠎ᠡ ᠪᠡᠨ ᠲᠡᠳᠡᠨ ᠢ ᠰᠢᠭᠤᠳ ᠬᠠᠮᠠᠭᠠᠯᠠᠬᠤ ᠪᠠᠶᠢᠳᠠᠯ ᠳᠤ ᠬᠦᠷᠦᠭᠰᠡᠨ"

ᠬᠡᠮᠡᠨ ᠵᠢᠭᠠᠭᠠᠳ ᠲᠡᠭᠦᠨ ᠢ ᠶᠠᠯᠠᠲᠠᠨ ᠤ ᠰᠢᠷᠡᠭᠡᠨ ᠳᠦ ᠰᠢᠯᠵᠢᠭᠦᠯᠦᠨ᠂ ᠮᠥᠩᠬᠦᠦ ᠬᠤᠷᠠᠯ ᠢᠶᠠᠷ ᠴᠣᠶᠢᠪᠠᠯᠰᠠᠩ ᠠᠷᠠᠳ ᠤᠨ ᠰᠠᠶᠢᠳ ᠨᠠᠷ ᠤᠨ ᠵᠥᠪᠯᠡᠯ ᠦᠨ ᠶᠡᠷᠦᠩᠬᠡᠢ ᠰᠠᠶᠢᠳ ᠪᠣᠯᠵᠠᠢ᠃

ᠡᠭᠦᠨ ᠦ ᠳᠠᠷᠠᠭ᠎ᠠ ᠠᠮᠤᠷ ᠢ ЗХУ ᠍ ᠳᠦ ᠬᠦᠷᠭᠡᠭᠦᠯᠦᠨ᠂ ᠰᠲ᠋ᠠᠯᠢᠨ ᠤ ᠰᠢᠳᠠᠷ ᠡᠲᠡᠭᠡᠳ ᠦᠳ ᠢᠶᠡᠷ ᠬᠡᠷᠡᠭ ᠢ ᠨᠢ ᠰᠢᠯᠭᠠᠭᠤᠯᠵᠤ ᠪᠠᠶᠢᠭᠠᠳ 1941 ᠣᠨ ᠤ 7 ᠰᠠᠷ᠎ᠠ ᠶᠢᠨ 10 ᠍ ᠳᠦ ᠴᠠᠭᠠᠵᠠ ᠪᠠᠷ ᠠᠪᠠᠴᠢᠵᠠᠢ᠃᠎ᠠ᠃ᠠᠮᠤᠷ ᠡᠴᠦᠰ ᠦᠨ ᠮᠥᠷᠳᠡᠨ ᠪᠠᠶᠢᠴᠠᠭᠠᠯᠲᠠ ᠳᠤ᠂ ᠥᠪᠡᠷ ᠢ ᠪᠡᠨ ᠶᠠᠮᠠᠷ ᠴᠤ ᠭᠡᠮ ᠪᠤᠷᠤᠭᠤ ᠦᠭᠡᠢ ᠶᠢ ᠨᠣᠲᠠᠯᠠᠭᠠᠳ᠂ ᠡᠮᠦᠨᠡᠬᠢ ᠮᠡᠳᠡᠭᠦᠯᠭᠡ ᠪᠣᠯ ᠠᠷᠭ᠎ᠠ ᠦᠭᠡᠢ ᠶᠢᠨ ᠡᠷᠬᠡᠨ ᠳᠦ ᠭᠠᠷᠭᠠᠭᠰᠠᠨ ᠬᠤᠳᠠᠯ ᠵᠦᠢᠯ᠃ ᠦᠨᠡᠨ ᠬᠡᠷᠡᠭ ᠳᠡᠭᠡᠷ᠎ᠡ ᠪᠡᠨ ᠮᠣᠩᠭᠣᠯ ᠤᠯᠤᠰ ᠤᠨ ᠨᠤᠲᠤᠭ ᠲᠤ ᠬᠤᠪᠢᠰᠬᠠᠯ ᠤᠨ ᠶᠠᠮᠠᠷ ᠴᠤ ᠡᠰᠡᠷᠭᠦᠦ ᠪᠦᠯᠦᠭᠯᠡᠯ ᠪᠠᠶᠢᠭ᠎ᠠ ᠦᠭᠡᠢ᠂ ᠡᠰᠡᠷᠭᠦᠦ ᠬᠡᠮᠡᠨ ᠪᠠᠷᠢᠪᠴᠢᠯᠠᠭᠳᠠᠭᠰᠠᠨ ᠬᠦᠮᠦᠰ ᠪᠣᠯ ᠬᠠᠤᠯᠢ ᠪᠤᠰᠤ ᠮᠥᠷᠳᠡᠯᠭᠡ ᠶᠢ ᠦᠯᠦ ᠲᠡᠰᠪᠦᠷᠢᠯᠡᠨ᠂ ᠬᠤᠳᠠᠯ ᠬᠡᠷᠡᠭ ᠬᠦᠯᠢᠶᠡᠭᠰᠡᠨ ᠬᠦᠮᠦᠰ᠂ ᠲᠡᠳᠡ ᠬᠤᠪᠢᠰᠬᠠᠯ ᠤᠨ ᠡᠰᠡᠷᠭᠦᠦ ᠣᠭᠲᠣᠬᠠᠨ ᠴᠤ ᠪᠢᠰᠢ ᠭᠡᠵᠦ ᠥᠴᠢᠵᠠᠢ᠃

1960 ᠣᠨ ᠳᠤ ᠵᠥᠪᠯᠡᠯᠲᠦ ᠬᠣᠯᠪᠣᠭᠠᠲᠤ ᠤᠯᠤᠰ ᠦᠨ ᠶᠡᠷᠦᠩᠬᠡᠢ ᠫᠷᠣᠺᠤᠶᠢᠷᠣᠷ ᠤᠨ ᠭᠠᠵᠠᠷ ᠠᠮᠤᠷ ᠤᠨ ᠬᠡᠷᠡᠭ ᠢ ᠬᠢᠨᠠᠨ ᠦᠵᠡᠭᠡᠳ ᠤᠭ ᠬᠡᠷᠡᠭ ᠲᠦ ᠣᠭᠲᠣ ᠬᠣᠯᠪᠣᠭᠳᠠᠯ ᠦᠭᠡᠢ ᠬᠡᠮᠡᠨ ᠲᠣᠭᠲᠠᠭᠠᠭᠰᠠᠨ ᠢ ᠦᠨᠳᠦᠰᠦᠯᠡᠨ 1962 ᠣᠨ ᠳᠤ ᠮᠣᠩᠭᠣᠯ ᠤᠯᠤᠰ ᠬᠢᠯᠢᠰ ᠬᠡᠷᠡᠭ ᠡᠴᠡ ᠴᠠᠭᠠᠳᠬᠠᠵᠠᠢ᠃

ᠨᠣᠮ ᠵᠣᠬᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • "ᠮᠣᠩᠭᠣᠯ ᠤᠨ ᠲᠣᠪᠴᠢ ᠲᠡᠦᠬᠡ"
  • "ᠨᠠᠮ ᠪᠠ ᠠᠵᠤ ᠠᠬᠤᠢ ᠶᠢᠨ ᠲᠤᠬᠠᠢ" (1926)
  • "ᠠᠷᠪᠠᠨ ᠵᠢᠯ ᠦᠨ ᠣᠢ ᠪᠠ ᠰᠢᠨᠵᠢᠯᠡᠬᠦ ᠤᠬᠠᠭᠠᠨ ᠤ ᠦᠢᠯᠡᠳᠪᠦᠷᠢ" (1931)
  • "ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠠᠷᠪᠠᠨ ᠬᠣᠶᠠᠷ ᠵᠢᠯ ᠦᠨ ᠣᠢ ᠪᠠ ᠦᠨᠳᠦᠰᠦᠨ ᠬᠠᠤᠯᠢ ᠶᠢᠨ ᠶᠣᠰᠣᠭᠠᠷ ᠭᠦᠢᠴᠡᠳᠭᠡᠨ ᠶᠠᠪᠤᠭᠤᠯᠵᠤ ᠪᠠᠶᠢᠭ᠎ᠠ ᠤᠯᠤᠰ ᠤᠨ ᠨᠡᠶᠢᠲᠡ ᠶᠢᠨ ᠪᠣᠳᠣᠯᠭ᠎ᠠ᠂ ᠡᠭᠦᠷᠭᠡ ᠨᠦᠭᠦᠳ ᠦᠨ ᠲᠤᠬᠠᠢ" (1933)
  • "ᠮᠣᠩᠭᠣᠯ ᠦᠨᠳᠦᠰᠦᠨ ᠦ ᠬᠡᠯᠡ ᠪᠢᠴᠢᠭ ᠢ ᠬᠥᠭᠵᠢᠭᠦᠯᠬᠦᠲᠤᠬᠠᠢ ᠰᠡᠳᠦᠪ" (1933)
  • "ᠮᠣᠩᠭᠣᠯᠴᠤᠳ ᠤᠨ ᠮᠠᠨᠵᠤ ᠯᠤᠭ᠎ᠠ ᠲᠡᠮᠡᠴᠡᠵᠦ ᠲᠤᠰᠠᠭᠠᠷ ᠲᠣᠭᠲᠠᠨᠢᠭᠰᠠᠨ ᠪᠠᠶᠢᠳᠠᠯ ᠪᠠ ᠮᠣᠩᠭᠣᠯ ᠳᠤ ᠡᠷᠲᠡᠨ ᠡᠴᠡ ᠨᠠᠰᠢ ᠲᠣᠭᠲᠠᠵᠤ ᠢᠷᠡᠭᠰᠡᠨ ᠤᠯᠤᠰ ᠲᠥᠷᠥ ᠶᠢᠨ ᠪᠠᠶᠢᠳᠠᠯ" (1933)
  • "ᠰᠢᠨ᠎ᠡ ᠡᠷᠭᠢᠯᠲᠡ ᠶᠢᠨ ᠪᠣᠳᠣᠯᠭ᠎ᠠ ᠶᠢᠨ ᠦᠷ᠎ᠡ ᠳᠦᠩ᠂ ᠴᠢᠨᠠᠭᠰᠢᠳᠠ ᠶᠢᠨ ᠵᠣᠷᠢᠯᠲᠠ" (1936)
ᠡᠮᠦᠨᠡᠬᠢ
ᠪᠠᠯᠢᠩ ᠤᠨ ᠰᠡᠷᠡᠩᠳᠣᠷᠵᠢ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠴᠡᠩᠭᠡᠯᠲᠦ ᠶᠢᠨ ᠵᠢᠭᠵᠢᠳᠠᠵᠠᠪ
ᠡᠮᠦᠨᠡᠬᠢ
ᠫᠧᠯᠵᠢᠳ ᠦᠨ ᠭᠡᠨᠳᠡᠩ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠬᠣᠷᠯᠤ᠎ᠠ ᠶᠢᠨ ᠴᠣᠶᠢᠪᠠᠯᠰᠠᠩ

ᠪᠢᠴᠢᠭᠡᠰᠦ