ᠠᠦᠢᠰᠲᠷᠶ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠠᠦᠢᠰᠲᠷᠶ᠎ᠠ ᠤᠯᠤᠰ
Republik Österreich (ᠭᠧᠷᠮᠠᠨ)
ᠲᠤᠰᠠᠭᠠᠷ ᠲᠣᠭᠲᠠᠨᠢᠭᠰᠠᠨ ᠣᠷᠣᠨᠪᠦᠷᠢᠨ ᠡᠷᠬᠡᠲᠦ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠭᠧᠷᠮᠠᠨ ᠢᠶᠠᠷ "Land der Berge, Land am Strome"
(ᠠᠭᠤᠯᠠ ᠤᠰᠤᠨ ᠤ ᠣᠷᠣᠨ)
ᠹᠠᠢᠢᠯ:Land der Berge Land am Strome instrumental.ogg

ᠧᠦ᠋ᠷᠣᠫᠠ᠂ ᠧᠦ᠋ᠷᠣᠫᠠ ᠶᠢᠨ ᠬᠣᠯᠪᠣᠭᠠᠨ ᠤ ᠭᠠᠵᠠᠷ ᠤᠨ ᠵᠢᠷᠤᠭ ᠲᠤ ᠠᠦᠢᠰᠲᠷᠶ᠎ᠠ ᠶᠢ ᠤᠯᠠᠭᠠᠨ ᠢᠶᠠᠷ
ᠧᠦ᠋ᠷᠣᠫᠠ᠂ ᠧᠦ᠋ᠷᠣᠫᠠ ᠶᠢᠨ ᠬᠣᠯᠪᠣᠭᠠᠨ ᠤ ᠭᠠᠵᠠᠷ ᠤᠨ ᠵᠢᠷᠤᠭ ᠲᠤ ᠠᠦᠢᠰᠲᠷᠶ᠎ᠠ ᠶᠢ ᠤᠯᠠᠭᠠᠨ ᠢᠶᠠᠷ
ᠨᠡᠶᠢᠰᠯᠡᠯWien 3 Wappen.svg ᠸᠸᠨᠠ
ᠲᠣᠮᠣ ᠬᠣᠲᠠ ᠭᠷᠠᠼᠯᠢᠩᠴ
ᠵᠠᠯᠼᠪᠦᠦᠭ
ᠠᠯᠪᠠᠨ ᠬᠡᠯᠡ ᠭᠧᠷᠮᠠᠨ ᠬᠡᠯᠡ
ᠠᠷᠠᠳ ᠲᠦᠮᠡᠨ 
(2011 ᠤᠨ)
ᠠᠦᠢᠰᠲᠷᠶ᠎ᠠ ᠶᠢᠨ ᠠᠷᠠᠳ ᠲᠦᠮᠡᠨ →
81.1% – ᠭᠧᠷᠮᠠᠨ ᠦᠨᠳᠦᠰᠦᠲᠡᠨ
7.0% – ᠰᠯᠠᠪ ᠤᠭᠰᠠᠭᠠᠲᠠᠨ
4.0% – ᠲᠦᠷᠺ ᠦᠨᠳᠦᠰᠦᠲᠡᠨ
7.9% – ᠪᠤᠰᠤᠳ ᠠᠷᠠᠳ ᠲᠦᠮᠡᠨ
 -  ᠨᠤᠲᠤᠭ ᠤᠨ ᠣᠯᠠᠨ ᠠᠦᠢᠰᠲᠷᠶ᠎ᠠ ᠤᠨ ᠬᠢᠨ
(ᠠᠦᠢᠰᠲ᠋ᠷᠯᠢᠶ᠎ᠠ ᠤᠯᠤᠰ ᠤᠨ ᠬᠢᠨ)
ᠲᠥᠷᠥ ᠵᠠᠰᠠᠭ ᠫᠠᠷᠯᠠᠮᠧᠨᠲ ᠤᠨ ᠪᠦᠭᠦᠳᠡ
ᠨᠠᠶᠢᠷᠠᠮᠳᠠᠬᠤ ᠵᠠᠰᠠᠭ
 -  ᠶᠡᠷᠦᠩᠬᠡᠶᠢᠯᠡᠭᠴᠢ ᠬᠠᠶᠢᠨᠴᠠ ᠹᠢᠱᠧᠷ (2004)
 -  ᠳᠡᠭᠡᠳᠦ ᠲᠦᠰᠢᠮᠡᠯ ᠸᠧᠷᠨᠧᠷ ᠹᠠᠶᠢᠮᠠᠨ (2008)
 -  ᠦᠨᠳᠦᠰᠦᠨ ᠦ ᠵᠥᠪᠯᠡᠯ ᠦᠨ ᠳᠠᠷᠤᠭ᠎ᠠ ᠪᠠᠷᠪᠠᠷ᠎ᠠ ᠫᠷᠠᠮᠮᠧᠷ (2006)
ᠤᠯᠤᠰ ᠤᠨ ᠬᠤᠷᠠᠯ ᠌ᠫᠠᠷᠯᠠᠮᠧᠨᠲ
 -  ᠳᠡᠭᠡᠳᠦ ᠲᠠᠩᠬᠢᠮ ᠬᠣᠯᠪᠣᠭᠠᠨ ᠤ ᠵᠥᠪᠯᠡᠯ (ХЗ)
 -  ᠳᠣᠣᠷᠠᠳᠣ ᠲᠠᠩᠬᠢᠮ ᠦᠨᠳᠦᠰᠦᠨ ᠦ ᠵᠥᠪᠯᠡᠯ (ᠦᠨᠳᠦᠰᠦᠨ ᠦ ᠵᠥᠪᠯᠡᠯ)
ᠲᠡᠦᠬᠡᠨ ᠦᠢᠯᠡ ᠶᠠᠪᠤᠳᠠᠯ
 -  1156 ᠣᠨ ᠭᠦᠩᠲᠦ ᠤᠯᠤᠰ ᠡᠭᠦᠰᠦᠭᠰᠡᠨ 
 -  1804 ᠣᠨ ᠡᠵᠡᠨᠲᠦ ᠤᠯᠤᠰ ᠲᠣᠭᠲᠠᠭᠰᠠᠨ 
 -  1918-10-17 ᠠᠦᠢᠰᠲᠷᠶ᠎ᠠ ᠤᠯᠤᠰ ᠰᠠᠯᠢᠰᠤᠨ 
ᠨᠤᠲᠤᠭ ᠳᠡᠪᠢᠰᠬᠡᠷ
 -  ᠪᠦᠬᠦ ᠲᠠᠯᠠᠪᠠᠢ 83,855 km2 (115)
 -  ᠭᠠᠳᠠᠷᠭᠤ ᠶᠢᠨ ᠤᠰᠤ (%) 1.7 ᠬᠤᠪᠢ
ᠬᠦᠮᠦᠨ ᠠᠮᠠ
 -  ᠲᠣᠭᠠᠴᠠᠭ᠎ᠠ (2011) 8,414,638 ᠬᠦᠮᠦᠨ[1] (92)
 -  ᠲᠣᠭᠠᠯᠠᠯᠭ᠎ᠠ (2001) 8,032,926 ᠬᠦᠮᠦᠨ 
 -  ᠨᠢᠭᠲᠠᠴᠠ ᠰᠡᠶᠢᠷᠡᠭ 100 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $351.873 ᠲᠡᠷᠪᠤᠮ 
 -  ᠨᠢᠭᠡ ᠬᠦᠨᠳᠦ $41,805 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $425.091 ᠲᠡᠷᠪᠤᠮ 
 -  ᠨᠢᠭᠡ ᠬᠦᠨᠳᠦ $50,504 
ᠬᠡᠦᠬᠡᠳ ᠦᠨ ᠬᠥᠭᠵᠢᠯ ᠦᠨ ᠢᠨᠳᠧᠺᠰ (2011) 0.885[2] (ᠳᠡᠭᠡᠭᠦᠷ) (19)
ᠮᠥᠩᠭᠥᠨ ᠦ ᠨᠢᠭᠡᠴᠡ ᠧᠦ᠋ᠷᠣ1 (€) (EUR)
ᠴᠠᠭ ᠤᠨ ᠪᠥᠰᠡ ᠲᠥᠪ ᠧᠦ᠋ᠷᠣᠫᠠ ᠶᠢᠨ ᠴᠠᠭ (GMT+1)
 -  ᠵᠤᠨ ᠤ ᠴᠠᠭ ТЕЗЦ (GMT+2)
ᠤᠲᠠᠰᠤ᠂ ᠳᠣᠮᠡᠢ ᠶᠢᠨ +43 / .at2
ᠨᠡᠷ᠎ᠡ ᠲᠣᠮᠢᠶ᠎ᠠ AT, AUT / БНАвсУ
1 1999-2002 ᠣᠨ ᠠᠴᠠ ᠡᠮᠦᠨ᠎ᠡ ᠠᠦᠢᠰᠲ᠋ᠷᠯᠢᠶ᠎ᠠ ᠶᠢᠨ ᠰᠢᠯᠯᠢᠩ ᠢ ᠨᠢᠭᠡᠴᠡ ᠲᠡᠢ ᠪᠠᠶᠢᠪᠠ᠃
2 ᠧᠦ᠋ᠷᠣᠫᠠ ᠶᠢᠨ ᠬᠣᠯᠪᠣᠭᠠᠨ ᠤ ᠭᠡᠰᠢᠭᠦᠨ ᠤᠯᠤᠰ ᠲᠤᠯᠠ .eu ᠍ ᠢ ᠪᠠᠰᠠ ᠬᠡᠷᠡᠭᠯᠡᠨ᠎ᠡ᠃
2005 ᠣᠨ ᠤ 6 ᠍ ᠳᠦᠭᠡᠷ ᠰᠠᠷ᠎ᠠ ᠳᠤ ᠬᠢᠮᠡᠯ ᠳᠠᠭᠠᠭᠤᠯᠢ ᠠᠴᠠ ᠠᠦᠢᠰᠲ᠋ᠷᠯᠢᠶ᠎ᠠ ᠶᠢ ᠬᠠᠷᠠᠭᠰᠠᠨ ᠨᠢ
2005 ᠣᠨ ᠤ 6 ᠍ ᠳᠦᠭᠡᠷ ᠰᠠᠷ᠎ᠠ ᠳᠤ ᠬᠢᠮᠡᠯ ᠳᠠᠭᠠᠭᠤᠯᠢ ᠠᠴᠠ ᠠᠦᠢᠰᠲ᠋ᠷᠯᠢᠶ᠎ᠠ ᠶᠢ ᠬᠠᠷᠠᠭᠰᠠᠨ ᠨᠢ

ᠪᠦᠭᠦᠳᠡ ᠨᠠᠶᠢᠷᠠᠮᠳᠠᠬᠤ ᠠᠦᠢᠰᠲᠷᠶ᠎ᠠ ᠤᠯᠤᠰ (ᠭᠧᠷᠮᠠᠨ ᠢᠶᠠᠷ Republik Österreich) — ᠲᠥᠪ ᠧᠦ᠋ᠷᠣᠫᠠ ᠲᠤ ᠣᠷᠣᠰᠢᠳᠠᠭ ᠳᠠᠯᠠᠢ ᠳᠤ ᠭᠠᠷᠤᠴᠠ ᠦᠭᠡᠢ ᠤᠯᠤᠰ. ᠬᠣᠶᠢᠳᠤ ᠲᠠᠯ᠎ᠠ ᠪᠠᠷ ᠢᠶᠠᠨ ᠭᠧᠷᠮᠠᠨᠴᠧᠺ᠂ ᠵᠡᠭᠦᠨ ᠲᠠᠯ᠎ᠠ ᠪᠠᠷ ᠢᠶᠠᠨ ᠰᠯᠣᠸᠠᠺᠬᠠᠩᠭᠠᠷᠢ᠂ ᠤᠷᠢᠳᠤ ᠲᠠᠯ᠎ᠠ ᠪᠠᠷ ᠢᠶᠠᠨ ᠰᠯᠣᠸᠧᠨᠢᠲ᠋ᠠᠯᠢ᠂ ᠪᠠᠷᠠᠭᠤᠨ ᠲᠠᠯ᠎ᠠ ᠪᠠᠷ ᠢᠶᠠᠨ ᠰᠸᠢᠰᠯᠢᠾᠢᠲ᠋ᠧᠨᠱᠤᠲ᠋ᠠᠢᠢᠨ ᠭᠡᠰᠡᠨ ᠨᠠᠶᠢᠮᠠᠨ ᠤᠯᠤᠰ ᠲᠠᠢ ᠭᠠᠵᠠᠷ ᠢᠶᠠᠷ ᠬᠢᠯᠢᠯᠡᠳᠡᠭ᠃ ᠳᠤᠨᠠᠢ ᠮᠥᠷᠡᠨ ᠦ ᠡᠷᠭᠢ ᠳᠦ ᠪᠠᠶᠢᠬᠤ ᠸᠸᠨᠠ ᠨᠡᠷᠡᠲᠦ ᠨᠡᠶᠢᠰᠯᠡᠯ ᠬᠣᠲᠠ ᠲᠠᠢ᠃

ᠣᠷᠴᠢᠨ ᠦᠶ᠎ᠡ ᠶᠢᠨ ᠠᠦᠢᠰᠲᠷᠶ᠎ᠠ ᠶᠢᠨ ᠲᠡᠦᠬᠡ ᠨᠢ 9 ᠍ ᠳᠦᠭᠡᠷ ᠵᠠᠭᠤᠨ ᠳᠤ ᠳᠡᠭᠡᠳᠦ᠂ ᠳ᠋ᠣᠣ ᠳᠤ ᠠᠦᠢᠰᠲᠷᠶ᠎ᠠ ᠶᠢᠨ ᠨᠤᠲᠤᠭ ᠳᠡᠪᠢᠰᠬᠡᠷ ᠲᠦ ᠬᠦᠮᠦᠨ ᠠᠮᠠ ᠶᠡᠬᠡᠰᠬᠦ ᠦᠶᠡᠰ ᠡᠬᠢᠯᠡᠭᠰᠡᠨ ᠪᠠᠶᠢᠨ᠎ᠠ᠃ 996 ᠣᠨ ᠳᠤ "ᠣᠰᠲ᠋ᠠᠷᠷᠠᠬᠢ" (Ostarrichi) ᠭᠡᠳᠡᠭ ᠨᠡᠷ᠎ᠡ ᠠᠯᠪᠠᠨ ᠶᠣᠰᠣᠨ ᠤ ᠪᠢᠴᠢᠭ ᠲᠦ ᠲᠡᠮᠳᠡᠭᠯᠡᠭᠳᠡᠨ ᠦᠯᠡᠳᠡᠵᠡᠢ᠃ ᠡᠨᠡ ᠦᠭᠡ ᠨᠢ ᠣᠳᠣ ᠣᠭᠣᠰᠲ᠋ᠧᠷᠷᠠᠶᠢᠬᠤ (Österreich) ᠪᠣᠯᠲᠠᠯ᠎ᠠ ᠪᠠᠨ ᠬᠤᠪᠢᠰᠤᠭᠰᠠᠨ ᠠᠵᠡᠢ᠃

ᠠᠦᠢᠰᠲᠷᠶ᠎ᠠ ᠨᠢ ᠫᠠᠷᠯᠠᠮᠧᠨᠲ ᠤᠨ ᠵᠠᠰᠠᠭᠯᠠᠯᠲᠠᠢ ᠲᠥᠯᠥᠭᠡᠯᠡᠯ ᠦᠨ ᠠᠷᠠᠳᠴᠢᠯᠠᠭᠰᠠᠨ ᠰᠢᠰᠲ᠋ᠧᠮ ᠲᠡᠢ ᠪᠥᠭᠡᠳ ᠶᠢᠰᠦᠨ ᠬᠣᠯᠪᠣᠭᠠᠨ ᠤ ᠮᠤᠵᠢ ᠲᠠᠢ᠃ ᠮᠥᠨ ᠡᠭᠦᠷᠢᠳᠡ ᠶᠢᠨ ᠦᠯᠦ ᠳᠣᠪᠲᠣᠯᠬᠤ ᠪᠠᠶᠢᠳᠠᠯ ᠢ ᠲᠤᠩᠬᠠᠭᠯᠠᠭᠰᠠᠨ ᠵᠢᠷᠭᠤᠭᠠᠨ ᠧᠦ᠋ᠷᠣᠫᠠ ᠶᠢᠨ ᠣᠷᠣᠨ ᠤ ᠨᠢᠭᠡ ᠪᠥᠭᠡᠳ ᠦᠨᠳᠦᠰᠦᠨ ᠬᠠᠤᠯᠢ ᠳᠤ ᠨᠢ ᠲᠡᠶᠢᠨᠬᠦ ᠵᠢᠭᠠᠭᠳᠠᠭᠰᠠᠨ ᠪᠠᠶᠢᠳᠠᠭ ᠴᠥᠭᠡᠨ ᠣᠷᠣᠨ ᠨᠤᠭᠤᠳ ᠤᠨ ᠨᠢᠭᠡ ᠶᠠᠭᠤᠮ᠎ᠠ᠃ 1955 ᠣᠨ ᠠᠴᠠ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ᠂ 1995 ᠣᠨ ᠠᠴᠠ ᠧᠦ᠋ᠷᠣᠫᠠ ᠶᠢᠨ ᠬᠣᠯᠪᠣᠭ᠎ᠠ ᠶᠢᠨ ᠭᠡᠰᠢᠭᠦᠨ ᠪᠠᠶᠢᠨ᠎ᠠ᠃

ᠭᠠᠵᠠᠷ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦᠢᠰᠲᠷᠶ᠎ᠠ ᠶᠢᠨ ᠨᠤᠲᠤᠭ ᠳᠡᠪᠢᠰᠬᠡᠷ ᠦᠨ ᠬᠢ ᠨᠢ ᠬᠡᠮᠵᠢᠶ᠎ᠡ ᠨᠢ ᠨᠡᠶᠢᠲᠡ 83,872 ᠺᠦᠸᠠᠳ᠋ ᠺᠢᠯᠣᠮᠧᠲ᠋ᠷ᠃ ᠨᠤᠲᠤᠭ ᠤᠨ ᠪᠠᠷᠠᠭᠤᠨ ᠪᠣᠯᠤᠨ ᠪᠠᠷᠠᠭᠤᠨ ᠡᠮᠦᠨᠡᠲᠦ ᠬᠡᠰᠡᠭ ᠨᠢ ᠠᠯᠫ ᠦᠨ ᠨᠢᠷᠤᠭᠤᠨ ᠤ ᠪᠥᠰᠡ ᠳᠦ ᠬᠠᠮᠢᠶᠠᠷᠤᠨ᠎ᠠ᠃ ᠨᠤᠲᠤᠭ ᠤᠨ ᠵᠡᠭᠦᠨ ᠪᠣᠯᠤᠨ ᠬᠣᠶᠢᠳᠤ ᠬᠡᠰᠡᠭ ᠲᠦ ᠳᠤᠨᠠᠢ ᠮᠥᠷᠡᠨ ᠦ ᠪᠡᠯᠴᠢᠷ᠂ ᠲᠠᠯ᠎ᠠ ᠨᠤᠲᠤᠭ ᠣᠷᠣᠰᠢᠳᠠᠭ᠃ ᠬᠠᠮᠤᠭ ᠤᠨ ᠨᠠᠮ ᠳᠣᠣᠷ᠎ᠠ ᠴᠡᠭ ᠪᠣᠯᠬᠤ ᠨᠣᠢᠵᠡᠶᠢᠳᠯᠡᠷ ᠨᠠᠭᠤᠷ ᠳᠠᠯᠠᠢ ᠶᠢᠨ ᠲᠦᠪᠰᠢᠨ ᠡᠴᠡ ᠳᠡᠭᠡᠭᠰᠢ 115 ᠮᠧᠲ᠋ᠷ᠂ ᠬᠠᠮᠤᠭ ᠤᠨ ᠥᠨᠳᠥᠷ ᠴᠡᠭ ᠪᠣᠯᠬᠤ ᠠᠯᠫ ᠦᠨ ᠨᠢᠷᠤᠭᠤᠨ ᠤ ᠭᠷᠣᠰᠭᠯᠣᠺᠨᠧᠷ ᠣᠷᠭᠢᠯ 3798 ᠮᠧᠲ᠋ᠷ ᠥᠨᠳᠥᠷ ᠶᠤᠮ᠃

ᠬᠢᠯᠢ ᠬᠢᠵᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦᠢᠰᠲᠷᠶ᠎ᠠ ᠶᠢᠨ ᠬᠢᠯᠢ ᠶᠢᠨ ᠨᠡᠶᠢᠲᠡ ᠤᠷᠲᠤ ᠨᠢ ᠨᠡᠶᠢᠲᠡ 2562 ᠺᠢᠯᠣᠮᠧᠲ᠋ᠷ᠃ ᠡᠭᠦᠨ ᠳᠦ᠂ ᠭᠧᠷᠮᠠᠨᠲᠠᠢ 816 ᠺᠢᠯᠣᠮᠧᠲ᠋ᠷ᠂ ᠴᠧᠺᠲᠠᠢ 466 ᠺᠢᠯᠣᠮᠧᠲ᠋ᠷ᠂ ᠰᠯᠣᠸᠠᠺᠲᠠᠢ 107 ᠺᠢᠯᠣᠮᠧᠲ᠋ᠷ᠂ ᠬᠠᠩᠭᠠᠷᠢᠲᠠᠢ 354 ᠺᠢᠯᠣᠮᠧᠲ᠋ᠷ᠂ ᠰᠯᠣᠸᠧᠨᠢᠲᠠᠢ 816 ᠺᠢᠯᠣᠮᠧᠲ᠋ᠷ᠂ ᠰᠸᠢᠰᠲᠠᠢ 166 ᠺᠢᠯᠣᠮᠧᠲ᠋ᠷ᠂ ᠯᠢᠬᠲ᠋ᠧᠨᠱᠲᠠᠢ ᠶᠢᠨᠲᠠᠢ 35 ᠺᠢᠯᠣᠮᠧᠲ᠋ᠷ᠃

ᠪᠠᠶᠢᠭᠠᠯᠢ᠂ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡ ᠭᠠᠵᠠᠷ ᠤᠨ ᠴᠢᠭᠢᠭᠯᠢᠭ ᠠᠭᠤᠷ ᠠᠮᠢᠰᠬᠤᠯ ᠲᠠᠢ᠃ ᠡᠪᠦᠯᠳ᠋ᠡ ᠠᠯᠫ ᠦᠨ ᠨᠢᠷᠤᠭᠤᠨ ᠳᠤ ᠴᠠᠰᠤ ᠶᠡᠬᠡ ᠤᠨᠤᠳᠠᠭ᠃ ᠥᠨᠳᠥᠷ ᠠᠭᠤᠯᠠ ᠶᠢᠨ ᠴᠠᠰᠤ ᠨᠤᠷᠠᠬᠤ᠂ ᠳᠤᠨᠠᠢ ᠮᠥᠷᠡᠨ ᠦ ᠤᠰᠤᠨ ᠤ ᠲᠦᠪᠰᠢᠨ ᠨᠡᠮᠡᠭᠳᠡᠵᠦ ᠦᠶᠡᠷ ᠪᠣᠯᠬᠤ ᠦᠵᠡᠭᠳᠡᠯ  ᠲᠣᠬᠢᠶᠠᠯᠳᠤᠨ᠎ᠠ᠃

ᠪᠠᠶᠢᠭᠠᠯᠢ ᠶᠢᠨ ᠪᠠᠶᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠷ ᠦᠨ ᠬᠥᠳᠡᠷᠬᠦᠷᠡᠩ ᠨᠡᠭᠦᠷᠡᠰᠦᠨᠢᠭᠢ ᠨᠥᠭᠡᠴᠡ ᠲᠡᠢ᠃ ᠥᠨᠳᠥᠷ ᠠᠭᠤᠯᠠ ᠶᠢᠨ ᠪᠥᠰᠡ ᠳᠦ ᠤᠰᠤᠨ ᠤ ᠡᠨᠧᠷᠭᠢ ᠠᠰᠢᠭᠯᠠᠬᠤ ᠥᠷᠭᠡᠨ ᠪᠣᠯᠤᠮᠵᠢ ᠲᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦᠢᠰᠲᠷᠶ᠎ᠠ ᠶᠢᠨ ᠬᠦᠮᠦᠨ ᠠᠮᠠ ᠨᠢ 2006 ᠣᠨ ᠤ 10 ᠰᠠᠷ᠎ᠠ ᠶᠢᠨ ᠪᠠᠶᠢᠳᠠᠯ ᠢᠶᠠᠷ 8,292,322 ᠪᠠᠶᠢᠴᠠᠢ᠃ ᠬᠦᠮᠦᠨ ᠠᠮᠠ ᠶᠢᠨ ᠥᠰᠦᠯᠲᠡ ᠵᠢᠯ ᠳᠤ ᠳᠤᠮᠳᠠᠴᠢ ᠪᠠᠷ 0,22 ᠬᠤᠪᠢ ᠲᠠᠢ᠃ ᠨᠡᠶᠢᠲᠡ ᠬᠦᠮᠦᠨ ᠠᠮᠠ ᠶᠢᠨ 98 ᠬᠤᠪᠢ ᠨᠢ ᠭᠧᠷᠮᠠᠨ ᠬᠡᠯᠡ ᠪᠡᠷ ᠶᠠᠷᠢᠳᠠᠭ᠂ ᠠᠯᠪᠠᠨ ᠶᠣᠰᠣᠨ ᠤ ᠬᠡᠯᠡ ᠨᠢ ᠭᠧᠷᠮᠠᠨ ᠬᠡᠯᠡ ᠶᠤᠮ᠃ ᠦᠯᠦ ᠳᠦ ᠬᠢ 2 ᠬᠤᠪᠢ ᠨᠢ ᠺᠦᠷᠦᠠᠴᠢᠶ ᠠᠬᠠᠩᠭᠠᠷᠢᠰᠯᠣᠸᠧᠨᠴᠧᠺᠰᠯᠣᠸᠠᠺᠷᠤᠮᠠᠨᠢᠶ ᠠ ᠬᠡᠯᠡ ᠨᠦᠭᠦᠳ ᠢᠶᠡᠷ ᠶᠠᠷᠢᠯᠴᠠᠳᠠᠭ᠃ ᠬᠦᠮᠦᠨ ᠠᠮᠠ ᠶᠢᠨ ᠶᠡᠬᠡᠩᠬᠢ ᠬᠤᠪᠢ ᠨᠢ ᠾᠷᠢᠰᠤᠰ ᠤᠨ ᠱᠠᠰᠢᠨᠲᠠᠨ ᠪᠥᠭᠡᠳ 78 ᠬᠤᠪᠢ ᠨᠢ ᠺᠠᠲ᠋ᠣᠯᠢᠭ᠂ 5 ᠬᠤᠪᠢ ᠨᠢ ᠫᠷᠣᠲ᠋ᠧᠰᠲ᠋ᠠᠨᠲ ᠤᠷᠭᠤᠯ ᠤᠨ ᠬᠢ᠃ 4.5 ᠬᠤᠪᠢ ᠨᠢ ᠪᠤᠰᠤᠳ ᠱᠠᠰᠢᠨ ᠰᠢᠲᠦᠳᠡᠭ᠃

ᠵᠠᠰᠠᠭᠯᠠᠯ ᠤᠨ ᠬᠡᠯᠪᠡᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠸᠨᠠ ᠳᠠᠢ ᠠᠦᠢᠰᠲᠷᠶ᠎ᠠ ᠶᠢᠨ ᠫᠠᠷᠯᠠᠮᠧᠨᠲ

ᠠᠦᠢᠰᠲ᠋ᠷᠯᠢᠶ᠎ᠠ ᠨᠢ ᠫᠠᠷᠯᠠᠮᠧᠨᠲ ᠤᠨ ᠪᠦᠭᠦᠳᠡ ᠨᠠᠶᠢᠷᠠᠮᠳᠠᠬᠤ ᠤᠯᠤᠰ᠃ ᠬᠠᠤᠯᠢ ᠲᠣᠭᠲᠠᠭᠠᠬᠤᠭᠦᠢᠴᠡᠳᠭᠡᠬᠦ ᠪᠣᠯᠤᠨ ᠰᠢᠭᠦᠬᠦ ᠵᠠᠰᠠᠭᠯᠠᠯ ᠨᠢ ᠴᠢᠩᠳᠠ ᠲᠤᠰᠠᠭᠠᠷᠯᠠᠭᠳᠠᠭᠰᠠᠨ᠃

ᠲᠥᠷᠥ ᠶᠢᠨ ᠲᠡᠷᠢᠭᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠨ ᠤ ᠶᠡᠷᠦᠩᠬᠡᠶᠢᠯᠡᠭᠴᠢᠡᠶᠢᠭ 6 ᠵᠢᠯ ᠢᠶᠡᠷ ᠠᠷᠠᠳ ᠲᠦᠮᠡᠨ ᠰᠢᠭᠤᠳ ᠰᠣᠩᠭᠣᠳᠠᠭ᠃ ᠣᠳᠣ ᠶᠢᠨ ᠶᠡᠷᠦᠩᠬᠡᠶᠢᠯᠡᠭᠴᠢ ᠬᠠᠶᠢᠨᠴᠠ ᠹᠢᠱᠧᠷ 2004 ᠣᠨ ᠤ 4 ᠰᠠᠷ᠎ᠠ ᠶᠢᠨ 25 ᠍ ᠤ ᠡᠳᠦᠷ ᠡᠴᠡ ᠠᠵᠢᠯᠯᠠᠵᠤ ᠪᠠᠶᠢᠨ᠎ᠠ᠃

ᠬᠠᠤᠯᠢ ᠲᠣᠭᠲᠠᠭᠠᠬᠤ ᠳᠡᠭᠡᠳᠦ ᠪᠠᠶᠢᠭᠤᠯᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦᠢᠰᠲᠷᠶ᠎ᠠ ᠶᠢᠨ ᠫᠠᠷᠯᠠᠮᠧᠨᠲ ᠨᠢ ᠬᠣᠯᠪᠣᠭᠠᠨ ᠤ ᠪᠣᠯᠤᠨ ᠦᠨᠳᠦᠰᠦᠨ ᠦ ᠵᠥᠪᠯᠡᠯ ᠭᠡᠰᠡᠨ ᠬᠣᠶᠠᠷ ᠲᠠᠩᠬᠢᠮ ᠲᠠᠢ᠃ ᠳᠡᠭᠡᠳᠦ ᠲᠠᠩᠬᠢᠮ ᠪᠣᠯᠬᠤ ᠬᠣᠯᠪᠣᠭᠠᠨ ᠤ ᠵᠥᠪᠯᠡᠯ ᠨᠢ ᠮᠤᠵᠢ ᠤᠯᠤᠰ ᠤᠳ ᠤᠨ ᠵᠠᠰᠠᠭ ᠤᠨ ᠭᠠᠵᠠᠷ ᠤᠨ ᠲᠥᠯᠥᠭᠡᠯᠡᠭᠴᠢᠳ ᠡᠴᠡ ᠲᠤᠬᠠᠢ ᠶᠢᠨ ᠮᠤᠵᠢ ᠤᠯᠤᠰ ᠍ ᠤᠨ ᠬᠦᠮᠦᠨ ᠠᠮᠠ ᠶᠢᠨ ᠲᠣᠭᠠᠨ ᠠᠴᠠ ᠬᠠᠮᠢᠶᠠᠷᠤᠭᠤᠯᠤᠨ ᠰᠣᠩᠭᠣᠳᠠᠭ 64 ᠭᠡᠰᠢᠭᠦᠨ ᠲᠡᠢ᠃ ᠳ᠋ᠣᠣ ᠳᠤ ᠲᠠᠩᠬᠢᠮ ᠪᠣᠯᠬᠤ ᠦᠨᠳᠦᠰᠦᠨ ᠦ ᠵᠥᠪᠯᠡᠯ ᠢ 4 ᠵᠢᠯ ᠲᠤᠲᠤᠮ ᠳᠤ ᠨᠠᠮ ᠤᠨ ᠨᠡᠷᠡᠰ ᠦᠨ ᠵᠢᠭ᠌ᠰᠠᠭᠠᠯᠳᠠ ᠪᠡᠷ ᠰᠢᠭᠤᠳ ᠰᠣᠩᠭᠣᠨ᠎ᠠ᠃ 183 ᠳ᠋ᠧᠫᠦᠶᠢᠲ᠋ᠠᠲ ᠲᠠᠢ᠂ ᠳᠥᠷᠪᠡᠨ ᠬᠤᠪᠢ ᠤᠨ ᠪᠣᠰᠬ᠎ᠠ ᠲᠠᠢ᠃ ᠦᠨᠳᠦᠰᠦᠨ ᠦ ᠵᠥᠪᠯᠡᠯ ᠦᠨ ᠶᠡᠷᠦᠩᠬᠡᠶᠢᠯᠡᠭᠴᠢ ᠪᠡᠷ 2006 ᠣᠨ ᠤ ᠫᠠᠷᠠᠯᠮᠧᠨᠲ ᠤᠨ ᠰᠣᠩᠭᠣᠭᠤᠯᠢ ᠶᠢᠨ ᠳᠦᠩ ᠳᠦ ᠠᠦᠢᠰᠲᠦᠲᠦ ᠶᠢᠨ ᠰᠣᠴᠢᠶᠠᠯ ᠳᠧᠮᠣᠺᠷᠠᠲ ᠨᠠᠮ ᠤᠨ ᠲᠥᠯᠥᠭᠡᠯᠡᠭᠴᠢ᠂ ᠬᠠᠲᠤᠭᠲᠠᠢ ᠪᠠᠷᠪᠠᠷ᠎ᠠ ᠫᠷᠠᠮᠮᠧᠷ ᠰᠣᠩᠭᠣᠭᠳᠠᠨ ᠠᠵᠢᠯᠯᠠᠵᠤ ᠪᠠᠶᠢᠨ᠎ᠠ᠃

ᠠᠦᠢᠰᠲᠷᠶ᠎ᠠ ᠨᠢ ᠧᠦ᠋ᠷᠣᠫᠠ ᠶᠢᠨ ᠫᠠᠷᠯᠠᠮᠧᠨᠲ ᠲᠤ 21 ᠳ᠋ᠧᠫᠦᠶᠢᠲ᠋ᠠᠲ ᠲᠠᠢ᠂ ᠲᠡᠳᠡᠨ ᠢ ᠦᠨᠳᠦᠰᠦᠨ ᠦ ᠵᠥᠪᠯᠡᠯ ᠦᠨ ᠰᠣᠩᠭᠣᠭᠤᠯᠢ ᠶᠢᠨ ᠳᠦᠩᠭᠡ ᠦᠨᠳᠦᠰᠦᠯᠡᠨ ᠨᠠᠮ ᠤᠳ ᠲᠤ ᠬᠤᠪᠢ ᠲᠡᠩᠴᠡᠭᠦᠯᠦᠨ ᠰᠠᠭᠤᠳᠠᠯ ᠬᠤᠪᠢᠶᠠᠷᠢᠯᠠᠵᠤ ᠢᠯᠡᠭᠡᠳ

ᠭᠦᠢᠴᠡᠳᠭᠡᠬᠦ ᠵᠠᠰᠠᠭᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

2006 ᠣᠨ ᠤ ᠰᠣᠩᠭᠣᠭᠤᠯᠢ ᠶᠢᠨ ᠦᠷ᠎ᠡ ᠳ᠋ᠦᠩ ᠳᠦ ᠭᠣᠣᠯᠯᠠᠬᠤ ᠤᠯᠤᠰ ᠲᠥᠷᠥ ᠶᠢᠨ ᠬᠦᠴᠦᠨ ᠨᠦᠭᠦᠳ ᠪᠣᠯᠤᠭᠰᠠᠨ АДСН, ААН ᠶᠡᠬᠡ ᠡᠪᠰᠡᠯ ᠪᠠᠶᠢᠭᠤᠯᠵᠤ ᠬᠣᠯᠪᠣᠭᠠᠨ ᠤ ᠵᠠᠰᠠᠭ ᠤᠨ ᠭᠠᠵᠠᠷ ᠢ ᠪᠠᠶᠢᠭᠤᠯᠤᠭᠰᠠᠨ᠃ ᠵᠠᠰᠠᠭ ᠤᠨ ᠭᠠᠵᠠᠷ ᠤᠨ ᠪᠦᠷᠢᠨ ᠡᠷᠬᠡ ᠡᠨᠡ ᠣᠨ ᠤ ᠨᠢᠭᠡᠳᠦᠭᠡᠷ ᠰᠠᠷ᠎ᠠ ᠠᠴᠠ ᠡᠬᠢᠯᠡᠭᠰᠡᠨ ᠪᠥᠭᠡᠳ ᠬᠣᠯᠪᠣᠭᠠᠨ ᠤ ᠺᠠᠨᠴᠠᠯᠧᠷ ᠪᠤᠶᠤ ᠶᠡᠢᠷᠦᠩᠬᠡᠢ ᠰᠠᠶᠢᠳ ᠢᠶᠠᠨ ᠠᠯᠹᠷ ᠲᠦ ᠭᠤᠵᠡᠨᠪᠠᠦ᠋ ᠍ ᠪᠡᠷ ᠠᠵᠢᠯᠯᠠᠵᠤ ᠪᠠᠶᠢᠨ᠎ᠠ᠃

ᠣᠷᠣᠨ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠨ ᠤ ᠲᠥᠷᠥ ᠶᠢᠨ ᠪᠠᠶᠢᠭᠤᠯᠤᠮᠵᠢ ᠲᠠᠢ ᠠᠦᠢᠰᠲᠷᠶ᠎ᠠ ᠤᠯᠤᠰ ᠤᠨ ᠨᠤᠲᠤᠭ ᠳᠡᠪᠢᠰᠬᠡᠷ ᠬᠣᠯᠪᠣᠭ᠎ᠠ ᠳᠤ 9 ᠮᠤᠵᠢ (ᠭᠠᠵᠠᠷ᠂ ᠣᠷᠣᠨ᠂ ᠮᠤᠵᠢ ᠤᠯᠤᠰ᠂ bundesländer, «ᠪᠤᠨᠲᠡᠰ ᠯᠠᠢ ᠶᠢᠨ ᠳᠤ ᠪᠠᠨ») ᠪᠣᠯᠵᠤ ᠬᠤᠪᠢᠶᠠᠭᠳᠠᠨ᠎ᠠ᠃

Austira States blank map.svg
ᠮᠤᠵᠢ ᠶᠢᠨ ᠨᠡᠷ᠎ᠡ ᠭᠧᠷᠮᠠᠨ ᠨᠡᠷ᠎ᠡ ᠲᠥᠪ ᠬᠣᠲᠠ ᠲᠠᠯᠠᠪᠠᠢ
(км²)
ᠬᠦᠮᠦᠨ ᠠᠮᠠ
ᠪᠦᠦᠭᠧᠨᠯᠠᠨ ᠳᠤ Burgenland
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
 [ᠪᠤᠣᠩᠨᠯᠠᠨ ᠳᠤ]
ᠠᠶᠢᠽᠧᠨ᠋ᠱᠲᠠᠳᠲ 3,966 286,215
ᠸᠸᠨᠠ ᠸᠸᠨᠠ 414 1,731,236
ᠳᠣᠣᠷ᠎ᠠ ᠠᠦᠢᠰᠲᠷᠶ᠎ᠠ Niederösterreich [ᠨᠡᠶᠢᠳᠦᠭᠡ ᠥᠰᠦᠲᠭᠠᠶᠠᠬ] ᠰᠠᠨᠺᠲ-ᠫᠶ᠋ᠢᠯᠲ᠋ᠧᠨ 19,174 1,617,455
ᠳᠡᠭᠡᠷ᠎ᠡ ᠠᠦᠢᠰᠲᠷᠶ᠎ᠠ Oberösterreich [ᠤᠪᠣ ᠥᠰᠲ᠋ᠠᠭᠡᠰᠢ] ᠯᠢᠩᠴ 11,980 1,416,772
ᠵᠠᠯᠼᠪᠦᠦᠭ Salzburg [ᠵᠠᠯᠼᠪᠤ ᠶᠢ] ᠵᠠᠯᠼᠪᠦᠦᠭ 7,154 534,122
ᠺᠠᠷᠢᠨ ᠳᠤ Kärnten [ᠺᠧᠢᠩᠲᠡᠨ] ᠺᠯᠠᠭᠧᠨᠹᠦ᠋ᠷ ᠲᠦ 9,536 557,773
ᠲᠢᠷᠣᠯᠢ Tirol [ᠲ ᠢ ᠪᠠᠯ] ᠢᠩᠰᠪᠠᠷᠰᠺ 12,648 714,449
ᠹᠷᠷᠯᠪᠧᠺᠭ Vorarlberg [ᠹᠣᠬᠠᠯᠪᠡᠭ] ᠪᠷᠧᠭᠧᠨᠼ 2,601 371,741
ᠱᠲᠢᠷ Steiermark [ᠱᠲᠠᠶᠠᠮᠠᠺ] ᠭᠷᠠᠼ 16,392 1,213,255

ᠡᠰᠢ ᠦᠨᠳᠦᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Bevölkerungsstand und −veränderung".
  2. Human Development Report 2011. United Nations (2011). 8 November 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Österreich

ᠪᠢᠴᠢᠭᠡᠰᠦ