ᠠᠦ᠋ᠲ᠋ᠣᠮᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠩᠬᠠᠨ ᠤ ᠠᠦ᠋ᠲ᠋ᠣᠮᠠᠰᠢᠨ ᠨᠤᠭᠤᠳ ᠤᠨ ᠨᠢᠭᠡ᠂ ᠺᠠᠷᠯ ᠪᠧᠨ᠋ᠽᠢ ᠶᠢᠨ 《ᠸᠧᠯᠠ》 ᠵᠠᠭᠪᠤᠷ

ᠠᠦ᠋ᠲ᠋ᠣᠮᠠᠰᠢᠨ (ᠠᠩᠭᠯᠢ: automobil) ᠨᠢ ᠥᠪᠡᠷ ᠦᠨ ᠭᠡᠰᠡᠨ ᠬᠥᠳᠡᠯᠭᠡᠭᠦᠷ ᠲᠡᠢᠳᠤᠭᠤᠢ ᠲᠠᠢ ᠲᠡᠭᠡᠭᠡᠪᠦᠷᠢ ᠶᠢᠨ ᠬᠡᠷᠡᠭᠰᠡᠯ ᠶᠤᠮ᠃ ᠠᠦ᠋ᠲ᠋ᠣᠮᠠᠰᠢᠨ (ᠬᠠᠷ᠎ᠠ ᠶᠠᠷᠢᠶᠠᠨ ᠳᠤ ᠮᠠᠰᠢᠨ ᠭᠡᠵᠦ ᠲᠣᠪᠴᠢᠯᠠᠨ ᠬᠡᠷᠡᠭᠯᠡᠳᠡᠭ) ᠨᠢ ᠣᠯᠠᠨ ᠮᠥᠷ ᠲᠡᠢ ᠲᠡᠭᠡᠭᠡᠪᠦᠷᠢ ᠶᠢᠨ ᠬᠡᠷᠡᠭᠰᠡᠯ (ᠬᠥᠳᠡᠯᠭᠡᠭᠴᠢ ᠬᠥᠳᠡᠯᠭᠡᠭᠦᠷ ᠲᠡᠢ ᠲᠡᠭᠡᠭᠡᠪᠦᠷᠢ ᠶᠢᠨ ᠬᠡᠷᠡᠭᠰᠡᠯ) ᠪᠥᠭᠡᠳ ᠬᠦᠮᠦᠨ (ᠰᠠᠭᠤᠳᠠᠯ ᠤᠨ ᠠᠦ᠋ᠲ᠋ᠣᠮᠠᠰᠢᠨ ᠪᠣᠯᠤᠨ ᠠᠦ᠋ᠲ᠋ᠣᠪᠦ᠋ᠰ) ᠪᠣᠯᠤᠨ ᠠᠴᠢᠶ᠎ᠠ ᠲᠡᠭᠡᠭᠡᠪᠦᠷᠢᠯᠡᠬᠦ (ᠠᠴᠢᠶᠠᠨ ᠤ ᠠᠦ᠋ᠲ᠋ᠣᠮᠠᠰᠢᠨ) ᠵᠣᠷᠢᠭᠤᠯᠤᠯᠲᠠ ᠲᠠᠢ ᠲᠡᠭᠡᠭᠡᠪᠦᠷᠢ ᠶᠢᠨ ᠬᠡᠷᠡᠭᠰᠡᠯ ᠶᠤᠮ᠃ 2010 ᠤᠨ ᠤ ᠪᠠᠶᠢᠳᠠᠯ ᠢᠶᠠᠷ ᠳᠡᠯᠡᠬᠡᠢ ᠳᠠᠶᠠᠭᠠᠷ 1.015 ᠲᠡᠷᠪᠤᠮ ᠠᠦ᠋ᠲ᠋ᠣᠮᠠᠰᠢᠨ ᠲᠣᠭᠠᠯᠠᠭᠳᠠᠭᠰᠠᠨ ᠪᠠᠶᠢᠳᠠᠭ᠃ ᠵᠥᠪᠬᠡᠨ 2011 ᠤᠨ ᠳᠤ ᠭᠡᠬᠦ ᠳᠦ ᠳᠡᠯᠡᠬᠡᠢ ᠳᠠᠶᠠᠭᠠᠷ ᠨᠡᠶᠢᠲᠡ 80 ᠰᠠᠶ᠎ᠠ ᠠᠦ᠋ᠲ᠋ᠣᠮᠠᠰᠢᠨ ᠦᠢᠯᠡᠳᠪᠦᠷᠢᠯᠡᠭᠳᠡᠭᠰᠡᠨ ᠪᠠᠶᠢᠨ᠎ᠠ᠃ ᠥᠨᠥᠳᠥᠷ ᠴᠠᠬᠢᠯᠭᠠᠨ ᠬᠥᠳᠡᠯᠭᠡᠭᠦᠷ ᠲᠡᠢ ᠪᠣᠯᠤᠨ ᠬᠣᠯᠢᠮᠠᠭ ᠬᠥᠳᠡᠯᠭᠡᠭᠦᠷ ᠲᠡᠢ ᠠᠦ᠋ᠲ᠋ᠣᠮᠠᠰᠢᠨ ᠨᠤᠭᠤᠳ ᠢ ᠠᠮᠵᠢᠯᠲᠠ ᠲᠠᠢ ᠦᠢᠯᠡᠳᠪᠦᠷᠢᠯᠡᠬᠦ ᠶᠢᠨ ᠲᠥᠯᠥᠭᠡ ᠦᠢᠯᠡᠳᠪᠦᠷᠢᠯᠡᠭᠴᠢᠳ ᠬᠦᠴᠦᠲᠡᠢ ᠰᠤᠳᠤᠯᠭ᠎ᠠ ᠰᠢᠨᠵᠢᠯᠡᠭᠡ ᠬᠢᠵᠦ ᠰᠢᠷᠭᠠᠭᠤ ᠠᠵᠢᠯᠯᠠᠵᠤ ᠪᠠᠶᠢᠨ᠎ᠠ᠃

ᠦᠭᠡ ᠶᠢᠨ ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦ᠋ᠲ᠋ᠣᠮᠠᠰᠢᠨ ᠭᠡᠬᠦ ᠦᠭᠡ ᠨᠢ 19 ᠍ ᠳᠦᠭᠡᠷ ᠵᠠᠭᠤᠨ ᠤ ᠰᠡᠭᠦᠯ ᠢᠶᠡᠷ ᠹᠷᠠᠨᠼᠢ ᠳᠤ ᠰᠢᠬᠠᠭᠰᠠᠨ ᠬᠡᠢ ᠶᠢᠨ ᠬᠥᠳᠡᠯᠭᠡᠭᠦᠷ ᠪᠦᠬᠦᠢ ᠭᠤᠳᠤᠮᠵᠢᠨ ᠤ ᠭᠠᠯᠲᠤ ᠲᠡᠷᠭᠡ ᠶᠢ voiture automobile ᠪᠤᠶᠤ ᠥᠪᠡᠷ ᠢᠶᠡᠨ ᠬᠥᠳᠡᠯᠳᠡᠭ ᠲᠡᠷᠭᠡ ᠭᠡᠳᠡᠭ ᠡᠴᠡ ᠡᠭᠦᠰᠦᠭᠰᠡᠨ ᠲᠡᠦᠬᠡ ᠲᠡᠢ᠃ ᠭᠷᠧᠺ ᠬᠡᠯᠡᠨ ᠦ αὐτός autós ‚ᠥᠪᠡᠷ ᠢᠶᠡᠨ‘ ᠪᠣᠯᠤᠨ ᠯᠠᠲ᠋ᠢᠨ ᠬᠡᠯᠡᠨ ᠦ mobilis ‚ᠬᠥᠳᠡᠯᠭᠡᠭᠡᠨᠳᠦ‘ ᠭᠡᠰᠡᠨ ᠦᠭᠡ ᠲᠡᠢ ᠨᠡᠮᠡᠵᠦ ᠬᠡᠷᠡᠭᠯᠡᠭᠰᠡᠨ ᠨᠢ ᠲᠤᠬᠠᠢ ᠶᠢᠨ ᠦᠶ᠎ᠡ ᠶᠢᠨ ᠡᠩ ᠦᠨ ᠬᠡᠷᠡᠭᠯᠡᠭᠡᠨ ᠳᠦ ᠪᠠᠶᠢᠭᠰᠠᠨ ᠮᠣᠷᠢᠨ ᠲᠡᠷᠭᠡᠨ ᠡᠴᠡ ᠢᠯᠭᠠᠨ ᠨᠡᠷᠡᠯᠡᠭᠰᠡᠨ ᠰᠠᠨᠠᠭ᠎ᠠ ᠶᠤᠮ᠃

ᠥᠪᠡᠷ ᠢᠶᠡᠨ ᠬᠥᠳᠡᠯᠳᠡᠭ ᠲᠡᠭᠡᠭᠡᠪᠦᠷᠢ ᠶᠢᠨ ᠬᠡᠷᠡᠭᠰᠡᠯ ᠭᠡᠰᠡᠨ ᠲᠣᠳᠣᠷᠬᠠᠶᠢᠯᠠᠯᠲᠠᠨ ᠳᠤ ᠮᠣᠲ᠋ᠣᠷᠵᠢᠭᠤᠯᠤᠭᠰᠠᠨ ᠬᠣᠶᠠᠷ ᠳᠤᠭᠤᠢ ᠳᠤ ᠪᠣᠯᠤᠨ ᠲᠡᠮᠦᠷ ᠵᠠᠮ ᠤᠨ ᠲᠡᠭᠡᠭᠡᠪᠦᠷᠢ ᠶᠢᠨ ᠬᠡᠷᠡᠭᠰᠡᠯ ᠴᠤ ᠪᠠᠭᠠᠳᠤᠨ᠎ᠠ᠃ ᠶᠡᠷᠦ ᠨᠢ ᠪᠣᠯ ᠠᠦ᠋ᠲ᠋ᠣᠮᠠᠰᠢᠨ ᠭᠡᠬᠦ ᠪᠡᠷ ᠣᠯᠠᠨ ᠮᠥᠷ ᠲᠡᠢ ᠲᠡᠮᠦᠷ ᠵᠠᠮ ᠳᠤ ᠬᠣᠯᠪᠣᠭᠳᠠᠭ᠎ᠠ ᠦᠭᠡᠢ ᠲᠡᠭᠡᠭᠡᠪᠦᠷᠢ ᠶᠢᠨ ᠬᠡᠷᠡᠭᠰᠡᠯ ᠢ ᠨᠡᠷᠡᠯᠡᠬᠦ ᠪᠠ ᠡᠭᠦᠨ ᠳᠦ ᠰᠠᠭᠤᠳᠠᠯ ᠤᠨ ᠠᠦ᠋ᠲ᠋ᠣᠮᠠᠰᠢᠨ᠂ ᠠᠦ᠋ᠲ᠋ᠣᠪᠦ᠋ᠰ ᠪᠣᠯᠤᠨ ᠠᠴᠢᠶᠠᠨ ᠤ ᠠᠦ᠋ᠲ᠋ᠣᠮᠠᠰᠢᠨ ᠣᠷᠣᠳᠠᠭ᠃ ᠬᠠᠷᠢᠨ ᠶᠠᠷᠢᠶᠠᠨ ᠤ ᠬᠡᠯᠡᠨ ᠳᠦ ᠶᠡᠬᠡᠩᠬᠢ ᠳᠦ ᠪᠡᠨ ᠰᠠᠭᠤᠳᠠᠯ ᠤᠨ ᠠᠦ᠋ᠲ᠋ᠣᠮᠠᠰᠢᠨ ᠢ ᠬᠡᠯᠡᠵᠦ ᠣᠶᠢᠯᠠᠭᠠᠯᠴᠠᠬᠤ ᠨᠢ ᠪᠤᠢ᠃

ᠶᠡᠷᠦᠩᠬᠡᠢ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦ᠋ᠲ᠋ᠣᠮᠠᠰᠢᠨ ᠨᠢ ᠬᠦᠴᠦ ᠴᠢᠳᠠᠯ᠂ ᠬᠥᠳᠡᠯᠭᠡᠭᠡᠨ ᠳᠦ ᠴᠢᠨᠠᠷ᠂ ᠬᠤᠪᠢ ᠶᠢᠨ ᠣᠨᠴᠠᠯᠢᠭ ᠢ ᠬᠣᠣᠰᠯᠠᠭᠤᠯᠳᠠᠭ᠃ ᠣᠳᠣ ᠶᠢ ᠬᠦᠷᠲᠡᠯ᠎ᠡ ᠨᠢᠭᠡ ᠴᠤ ᠲᠡᠭᠡᠭᠡᠪᠦᠷᠢ ᠶᠢᠨ ᠬᠡᠷᠡᠭᠰᠡᠯ ᠬᠤᠪᠢ ᠶᠢᠨ ᠪᠣᠯᠤᠨ ᠨᠡᠶᠢᠭᠡᠮ ᠤᠨ ᠠᠮᠢᠳᠤᠷᠠᠯ ᠳᠤ ᠲᠡᠶᠢᠮᠦ ᠨᠥᠯᠥᠭᠡᠯᠡᠯ ᠢ ᠣᠯᠤᠭ᠎ᠠ ᠦᠭᠡᠢ ᠪᠠᠶᠢᠨ᠎ᠠ᠃ ᠮᠠᠰᠢᠨ ᠤ ᠵᠢᠷᠦᠬᠡ ᠨᠢ ᠳᠤᠯᠠᠭᠠᠨ ᠤ ᠪᠣᠯᠤᠨ ᠴᠠᠬᠢᠯᠭᠠᠨ ᠡᠷᠴᠢᠮ ᠬᠦᠴᠢ ᠶᠢ ᠭᠢᠨᠧᠲ᠋ᠢᠭ ᠪᠣᠯᠭᠠᠨ ᠬᠤᠪᠢᠷᠠᠭᠠᠬᠤ ᠳᠤ ᠵᠣᠷᠢᠯᠲᠠ ᠨᠢ ᠣᠷᠣᠰᠢᠳᠠᠭ ᠮᠣᠲ᠋ᠣᠷ ᠶᠤᠮ᠃ ᠠᠦ᠋ᠲ᠋ᠣᠮᠠᠰᠢᠨ ᠨᠤᠭᠤᠳ ᠲᠤ᠂ ᠶᠡᠷᠦ ᠨᠢ ᠠᠷᠠᠯᠵᠢᠶᠠᠨ ᠤ ᠲᠡᠭᠡᠭᠡᠪᠦᠷᠢ ᠶᠢᠨ ᠬᠡᠷᠡᠭᠰᠡᠯ ᠦᠳ ᠲᠦ ᠶᠡᠬᠡᠪᠴᠢᠯᠡᠨ ᠪᠧᠨ᠋ᠽᠢᠨ ᠦ ᠪᠣᠯᠤᠨ ᠳ᠋ᠢᠽᠧᠯ ᠦᠨ ᠬᠥᠳᠡᠯᠭᠡᠭᠦᠷ ᠦᠳ ᠲᠠᠯᠪᠢᠳᠠᠭ᠃ ᠭᠡᠬᠦ ᠳᠦ ᠪᠡᠨ ᠡᠨᠡᠬᠦ ᠨᠥᠬᠥᠴᠡᠯ ᠪᠠᠶᠢᠳᠠᠯ ᠲᠦᠯᠡᠰᠢᠨ ᠦ ᠦᠨ᠎ᠡ ᠶᠢᠨ ᠥᠰᠯ ᠲᠡᠢ ᠨᠥᠬᠥᠴᠡᠯ ᠳᠦ ᠤᠳᠠᠯ ᠦᠭᠡᠢ ᠥᠭᠡᠷᠡᠴᠢᠯᠡᠭᠳᠡᠵᠦ ᠮᠡᠳᠡᠨ᠎ᠡ᠃ ᠠᠦ᠋ᠲ᠋ᠣᠮᠠᠰᠢᠨ ᠤ ᠦᠢᠯᠡᠳᠪᠦᠷᠢᠯᠡᠯ ᠪᠢᠣᠳᠢᠽᠧᠯ᠂ ᠴᠠᠬᠢᠯᠭᠠᠨ ᠮᠣᠲ᠋ᠣᠷ᠂ ᠡᠰᠡᠪᠡᠯ ᠡᠷᠯᠢᠵᠡ ᠴᠤ ᠶᠠᠭᠤᠮᠤ ᠨᠡᠯᠢᠶᠡᠳ ᠦᠷ᠎ᠡ ᠪᠦᠲᠡᠭᠡᠵᠢ ᠲᠡᠢ ᠰᠣᠩᠭᠣᠯᠲᠠᠲᠤ ᠬᠥᠳᠡᠯᠭᠡᠭᠦᠷ ᠲᠦ ᠰᠢᠯᠵᠢᠬᠦ ᠶᠢ ᠡᠷᠡᠮᠡᠯᠵᠡᠵᠦ ᠪᠠᠶᠢᠨ᠎ᠠ᠃

ᠬᠥᠳᠡᠯᠭᠡᠭᠦᠷ ᠡᠴᠡ ᠡᠷᠭᠢᠯᠲᠡ ᠳᠠᠮᠵᠢᠭᠤᠯᠬᠤ ᠲᠣᠭᠲᠠᠯᠴᠠᠭ᠎ᠠ /ᠲᠷᠠᠨᠰᠮᠢᠰᠰᠢᠶ᠎ᠠ ᠪᠣᠯᠤᠨ ᠠᠷᠠᠯ/[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠋ᠢᠽᠧᠯ ᠬᠥᠳᠡᠯᠭᠡᠭᠦᠷ ᠦᠳ ᠦᠷ᠎ᠡ ᠪᠦᠲᠦᠭᠡᠮᠵᠢ ᠰᠠᠶᠢᠲᠠᠢ᠂ ᠴᠢᠳᠠᠯ ᠲᠠᠢ᠃ ᠲᠡᠭᠦᠨ ᠢ ᠦᠨᠳᠦᠰᠦᠨ ᠳᠦ ᠪᠡᠨ ᠠᠴᠢᠶᠠᠨ ᠤ ᠮᠠᠰᠢᠨ ᠨᠤᠭᠤᠳ ᠲᠤ ᠠᠰᠢᠭᠯᠠᠳᠠᠭ᠃ ᠬᠥᠳᠡᠯᠭᠡᠭᠦᠷ ᠡᠴᠡ ᠡᠷᠭᠢᠯᠲᠡ ᠳᠠᠮᠵᠢᠭᠤᠯᠤᠯᠲᠠ ᠨᠢ ᠮᠣᠲ᠋ᠣᠷ ᠢ ᠵᠠᠯᠠᠭᠤᠷ ᠤᠨ ᠴᠠᠭᠠᠷᠢᠭ ᠲᠠᠢ ᠬᠣᠯᠪᠣᠳᠠᠭ᠃ ᠲᠡᠷᠡ ᠪᠡᠷ ᠭᠣᠣᠯ ᠤᠳ ᠢ ᠨᠡᠶᠢᠯᠡᠭᠦᠯᠬᠦ ᠪᠣᠯᠤᠨ ᠰᠠᠯᠭᠠᠬᠤ ᠮᠧᠬᠠᠨᠢᠰᠮ/ ᠰᠼᠧᠫᠯᠧᠨᠧ᠂ ᠳᠠᠮᠵᠢᠭᠤᠯᠤᠭᠴᠢ ᠶᠢᠨ ᠬᠠᠶᠢᠷᠴᠠᠭ᠂ ᠭᠣᠣᠯ ᠳᠠᠮᠵᠢᠭᠤᠯᠤᠭᠴᠢ ᠪᠣᠯᠤᠨ ᠳ᠋ᠢᠹᠹᠧᠷᠧᠨᠼᠢᠠᠯ/ ᠰᠢᠳᠦᠲᠦ ᠮᠧᠬᠠᠨᠢᠰᠮ ᠠᠴᠠ ᠲᠣᠭᠲᠠᠳᠠᠭ᠃ ᠮᠣᠲ᠋ᠣᠷ ᠤᠨ ᠭᠠᠷᠭᠠᠵᠤ ᠪᠤᠢ ᠡᠷᠭᠢᠭᠦᠯᠬᠦ ᠭᠱᠠᠨ ᠭᠣᠣᠯ ᠤᠳ ᠢ ᠨᠡᠶᠢᠯᠡᠭᠦᠯᠬᠦ ᠮᠧᠬᠠᠨᠢᠰᠮ ᠪᠣᠯᠤᠨ ᠳᠠᠮᠵᠢᠭᠤᠯᠤᠭᠴᠢ ᠶᠢᠨ ᠬᠠᠶᠢᠷᠴᠠᠭ ᠢᠶᠠᠷ ᠬᠤᠪᠢᠶᠠᠷᠢᠯᠠᠭᠳᠠᠨ ᠵᠣᠬᠢᠴᠠᠭᠤᠯᠤᠭᠳᠠᠳᠠᠭ᠃ ᠡᠭᠦᠨ ᠦ ᠳᠠᠷᠠᠭ᠎ᠠ ᠡᠷᠭᠢᠯᠳᠦᠭᠦᠯᠦᠭᠴᠢ ᠭᠱᠠᠨ ᠡᠷᠭᠢᠯᠲᠡ ᠳᠠᠮᠵᠢᠭᠤᠯᠬᠤ ᠲᠣᠭᠲᠠᠯᠴᠠᠭ᠎ᠠ ᠪᠠᠷ ᠳᠠᠮᠵᠢᠨ ᠳᠤᠭᠤᠢ ᠨᠤᠭᠤᠳ ᠲᠤ ᠣᠴᠢᠳᠠᠭ᠃ ᠠᠷᠠᠯ ᠨᠢ ᠵᠠᠮ ᠳᠤ ᠬᠥᠳᠡᠯᠭᠡᠭᠦᠷ ᠦᠨ ᠬᠦᠴᠦ ᠴᠢᠳᠠᠯ ᠢ ᠳᠠᠮᠵᠢᠭᠤᠯᠬᠤ ᠳᠤ ᠨᠥᠯᠦᠭᠡᠯᠡᠳᠡᠭ᠃ ᠷᠧᠽᠢᠨ ᠳᠤᠭᠤᠢ᠂ ᠫᠣᠳ᠋ᠸᠧᠰᠺᠠ᠂ suspension ᠲᠣᠷᠮᠣᠰ ᠪᠣᠯᠤᠨ ᠵᠢᠯᠤᠭᠤᠨ ᠤ ᠤᠳᠤᠷᠢᠳᠤᠯᠭ᠎ᠠ ᠳᠠᠮ ᠳᠤ ᠠᠦ᠋ᠲ᠋ᠣᠮᠠᠰᠢᠨ ᠤ ᠲᠣᠭᠲᠠᠪᠤᠷᠢᠲᠠᠢ ᠪᠠᠶᠢᠳᠠᠯ ᠳᠤ ᠨᠥᠯᠦᠭᠡᠯᠡᠳᠡᠭ᠃

ᠲᠡᠪᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦ᠋ᠲ᠋ᠣᠮᠠᠰᠢᠨ ᠤ ᠭᠠᠳᠠᠭᠠᠳᠤ ᠬᠡᠯᠪᠡᠷᠢ ᠲᠡᠪᠰᠢᠨ ᠡᠴᠡ ᠶᠡᠬᠡᠬᠡᠨ ᠬᠡᠮᠵᠢᠶ᠎ᠡ ᠪᠡᠷ ᠰᠢᠯᠲᠠᠭᠠᠯᠠᠳᠠᠭ᠃ ᠲᠡᠪᠰᠢᠨ ᠦ ᠪᠦᠲᠦᠴᠡ ᠵᠢᠩ ᠪᠣᠯᠤᠨ ᠠᠶᠢᠷᠣᠳᠣᠨᠠᠮᠢᠺ ᠲᠣᠳᠣᠷᠬᠠᠶᠢᠯᠠᠯᠲᠠ ᠨᠤᠭᠤᠳ ᠲᠤ᠂ ᠲᠡᠷᠡᠴᠢᠯᠡᠨ ᠵᠣᠷᠴᠢᠭᠴᠢᠳ ᠤᠨ ᠠᠶᠤᠯ ᠦᠭᠡᠢ ᠪᠠᠶᠢᠳᠠᠯ ᠳᠤ ᠨᠥᠯᠦᠭᠡᠯᠡᠳᠡᠭ᠃ ᠥᠨᠥᠳᠥᠷ ᠦᠷᠭᠦᠯᠵᠢ ᠲᠡᠪᠰᠢᠨ ᠨᠦᠭᠦᠳ ᠥᠷᠭᠡᠨ ᠠᠰᠢᠭᠯᠠᠭᠳᠠᠭᠰᠠᠭᠠᠷ ᠪᠠᠶᠢᠨ᠎ᠠ᠃ ᠭᠡᠬᠦ ᠳᠦ ᠪᠡᠨ ᠳᠡᠭᠡᠳᠦ ᠵᠡᠷᠭᠡ ᠶᠢᠨ ᠪᠠᠲᠤ ᠪᠥᠬᠡ᠂ ᠬᠥᠩᠭᠡᠨ ᠬᠥᠨᠳᠡᠢ ᠰᠧᠺᠼ ᠦᠳ ᠡᠴᠡ ᠲᠣᠭᠲᠠᠭᠰᠠᠨ ᠪᠦᠲᠦᠴᠡ ᠨᠦᠭᠦᠳ ᠢ ᠪᠦᠲᠦᠭᠡᠬᠦ ᠪᠣᠯᠤᠮᠵᠢ ᠲᠠᠢ ᠰᠢᠨ᠎ᠡ ᠲᠧᠭᠨᠣᠯᠣᠭᠢ ᠨᠤᠭᠤᠳ ᠭᠠᠷᠤᠭᠰᠠᠭᠠᠷ ᠪᠠᠶᠢᠨ᠎ᠠ᠃ ᠲᠡᠶᠢᠮᠦ ᠪᠦᠲᠦᠴᠡ ᠶᠢᠨ ᠳᠠᠪᠠᠭᠤ ᠲᠠᠯ᠎ᠠ ᠨᠢ ᠬᠥᠩᠭᠡᠨ ᠮᠠᠲ᠋ᠧᠷᠢᠶᠠᠯ ᠠᠰᠢᠭᠯᠠᠬᠤ ᠳᠤ ᠣᠷᠣᠰᠢᠳᠠᠭ᠃ ᠭᠠᠩᠭ᠎ᠠ ᠠᠴᠠ ᠭᠠᠳᠠᠨ᠎ᠠ ᠬᠥᠩᠭᠡᠨ ᠴᠠᠭᠠᠨ᠂ ᠮᠠᠭᠨᠢ ᠪᠣᠯᠤᠨ ᠨᠡᠶᠢᠯᠡᠭ ᠮᠠᠲ᠋ᠧᠷᠢᠶᠠᠯ ᠤᠳ ᠠᠰᠢᠭᠯᠠᠭᠳᠠᠵᠤ ᠪᠠᠶᠢᠨ᠎ᠠ᠃ ᠲᠡᠪᠰᠢ ᠶᠢ ᠬᠠᠭᠠᠯᠲᠠᠲᠠᠢ᠂ ᠨᠡᠭᠡᠭᠡᠯᠲᠡ ᠲᠡᠢ᠂ ᠵᠣᠷᠴᠢᠭᠴᠢ ᠠᠴᠢᠶᠠᠨ ᠤ ᠭᠡᠰᠡᠨ ᠽ ᠦᠨᠳᠦᠰᠦᠨ ᠬᠡᠯᠪᠡᠷᠢ ᠳᠦ ᠬᠤᠪᠢᠶᠠᠳᠠᠭ᠃ ᠰᠠᠭᠤᠳᠠᠯ ᠤᠨ ᠠᠦ᠋ᠲ᠋ᠣᠮᠠᠰᠢᠨ ᠨᠤᠭᠤᠳ ᠤᠨ ᠲᠡᠪᠰᠢᠨ ᠦ ᠬᠠᠭᠠᠯᠲᠠ ᠲᠠᠢ ᠬᠡᠯᠪᠡᠷᠢ ᠨᠦᠭᠦᠳ ᠦᠨ ᠳᠣᠲᠣᠷ᠎ᠠ ᠬᠠᠮᠤᠭ ᠤᠨ ᠲᠦᠭᠡᠮᠡᠯ ᠨᠢ ᠰᠧᠳᠠᠨ (4 ᠬᠠᠭᠠᠯᠭ᠎ᠠ᠂ 2-3 ᠡᠩᠨᠡᠭᠡ ᠰᠠᠭᠤᠳᠠᠯ ᠲᠠᠢ - ᠣᠷᠴᠢ)᠂ ᠬᠧᠲ᠋ᠴᠪᠺ᠂ ᠦᠨᠢᠤᠧᠷᠰᠠᠯ (2-3 ᠡᠩᠨᠡᠭᠡ ᠰᠠᠭᠤᠳᠠᠯ ᠲᠠᠢ᠂ 3 ᠶᠠᠭᠤᠮᠤ 5 ᠬᠠᠭᠠᠯᠭ᠎ᠠ ᠲᠠᠢ᠂ ᠰᠠᠯᠤᠨ ᠳᠤ ᠪᠠᠨ ᠲᠡᠭᠡᠭᠡᠰᠢᠨ ᠦ ᠬᠡᠰᠡᠭ ᠲᠡᠢ - ᠣᠷᠴᠢ)᠃

ᠠᠦ᠋ᠲ᠋ᠣᠮᠠᠰᠢᠨ ᠤ ᠡᠯᠧᠺᠲ᠋ᠷᠣᠨᠢᠺ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠰᠠᠭᠠᠯᠲᠠ᠂ ᠠᠺᠺᠦᠢᠮᠦᠦᠶᠢᠶᠠᠲ᠋ᠣᠷ᠂ ᠰᠲ᠋ᠠᠷᠲ᠋ᠧᠷ ᠵᠡᠷᠭᠡ ᠪᠦᠬᠦᠢ ᠯᠠ ᠴᠠᠬᠢᠯᠭᠠᠨ ᠪᠦᠷᠢᠯᠳᠦᠪᠡᠷ ᠬᠡᠰᠡᠭ ᠦᠳ ᠢ ᠠᠦ᠋ᠲ᠋ᠣᠮᠠᠰᠢᠨ ᠤ ᠡᠯᠧᠺᠲ᠋ᠷᠣᠨᠢᠺ ᠨᠢᠭᠡᠳᠬᠡᠳᠡᠭ᠃ ᠲᠡᠷᠡ ᠪᠡᠷ ᠠᠶᠤᠯ ᠦᠭᠡᠢ ᠪᠠᠶᠢᠳᠠᠯ ᠤᠨ ᠣᠷᠴᠢᠨ ᠦᠶ᠎ᠡ ᠶᠢᠨ ᠰᠲ᠋ᠠᠨᠳᠠᠷᠲ ᠤᠳ ᠢ ᠬᠡᠷᠡᠭᠵᠢᠭᠦᠯᠬᠦ ᠳᠦ ᠱᠠᠭᠠᠷᠳᠠᠯᠭ᠎ᠠ ᠲᠠᠢ ᠪᠠ ᠤᠳᠤᠷᠢᠳᠤᠯᠭ᠎ᠠ ᠶᠢᠨ ᠮᠧᠬᠠᠨᠢᠭ ᠡᠯᠧᠮᠧᠨᠲ ᠦᠳ ᠪᠣᠯᠤᠨ ᠣᠨᠣᠰᠢᠯᠠᠭᠣᠨ ᠤ ᠲᠣᠭᠲᠠᠯᠴᠠᠭ᠎ᠠ ᠶᠢ ᠨᠡᠮᠡᠭᠳᠡᠭᠦᠯᠵᠦ ᠪᠣᠯᠳᠠᠭ᠃ ᠮᠥᠨ ᠦᠵᠡᠬᠦ:

ᠪᠢᠴᠢᠭᠡᠰᠦ