ᠠᠦ᠋ᠰᠲ᠋ᠧᠷᠯᠢᠼ ᠤᠨ ᠲᠤᠯᠤᠯᠳᠤᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠦ᠋ᠰᠲ᠋ᠧᠷᠯᠢᠼ ᠤᠨ ᠲᠤᠯᠤᠯᠳᠤᠭᠠᠨ
ᠬᠠᠮᠢᠶᠠᠷᠬᠤ ᠳᠠᠶᠢᠨ: ᠭᠤᠷᠪᠠᠳᠤᠭᠠᠷ ᠡᠪᠰᠡᠯ ᠦᠨ ᠳᠠᠶᠢᠨ
Colored painting showing Napoleon on a white horse and General Rapp galloping towards Napoleon to present the captured Austrian standards.
ᠨᠠᠫᠣᠯᠶᠣᠨ ᠠᠦ᠋ᠰᠲ᠋ᠧᠷᠯᠢᠼ ᠤᠨ ᠲᠤᠯᠤᠯᠳᠤᠭᠠᠨ ᠤ ᠦᠶ᠎ᠡ ᠳᠦ ᠹᠷᠠᠨᠰᠤᠶᠠ ᠵᠧᠷᠠᠷ ᠍ ᠤᠨ ᠪᠦᠲᠦᠭᠡᠯ
ᠣᠩᠨᠠᠭ᠎ᠠ 1805 ᠣᠨ ᠤ 12 ᠰᠠᠷ᠎ᠠ ᠶᠢᠨ 2
ᠪᠠᠶᠢᠷᠢᠯᠠᠯ ᠠᠦᠢᠰᠲᠷᠶ᠎ᠠ ᠶᠢᠨ ᠡᠵᠡᠨᠲᠦ ᠭᠦᠷᠦᠨᠮᠣᠷᠠᠪᠢᠠᠦ᠋ᠰᠲ᠋ᠧᠷᠯᠢᠼ
ᠦᠷ᠎ᠡ ᠳᠠᠭᠠᠪᠤᠷᠢ ᠹᠷᠠᠨᠼᠢ ᠶᠢᠨ ᠡᠵᠡᠨ ᠳᠦ ᠭᠦᠷᠦᠨ ᠦ ᠰᠢᠢᠳᠪᠦᠷᠢᠯᠡᠬᠦ ᠢᠯᠠᠯᠲᠠ᠂
ᠪᠠᠶᠢᠯᠳᠤᠭᠴᠢ ᠲᠠᠯ᠎ᠠ ᠨᠤᠭᠤᠳ
ᠹᠷᠠᠨᠼᠢ ᠹᠷᠠᠨᠼᠢ ᠶᠢᠨ ᠡᠵᠡᠨᠲᠦ ᠭᠦᠷᠦᠨ ᠣᠷᠣᠰ ᠣᠷᠣᠰ ᠤᠨ ᠡᠵᠡᠨᠲᠦ ᠭᠦᠷᠦᠨ
ᠠᠦᠢᠰᠲᠷᠶ᠎ᠠ ᠶᠢᠨ ᠡᠵᠡᠨᠲᠦ ᠭᠦᠷᠦᠨ ᠠᠦᠢᠰᠲᠷᠶ᠎ᠠ ᠶᠢᠨ ᠡᠵᠡᠨᠲᠦ ᠭᠦᠷᠦᠨ
ᠤᠳᠤᠷᠢᠳᠤᠭᠴᠢᠳ
ᠹᠷᠠᠨᠼᠢ I ᠨᠠᠫᠣᠯᠶᠣᠨ ᠣᠷᠣᠰ I ᠠᠯᠧᠺᠰᠠᠨᠳᠠᠷ
ᠠᠦᠢᠰᠲᠷᠶ᠎ᠠ ᠶᠢᠨ ᠡᠵᠡᠨᠲᠦ ᠭᠦᠷᠦᠨ II ᠹᠷᠠᠨᠼᠢ
ᠣᠷᠣᠰ ᠮᠬᠤᠢᠯ ᠺᠦ᠋ᠲᠤᠵᠠᠪ
ᠬᠣᠬᠢᠷᠠᠯ
1500 ᠬᠦᠮᠦᠨ ᠦᠬᠦᠭᠰᠡᠨ
  • 6940 ᠬᠦᠮᠦᠨ ᠰᠢᠷᠬᠠᠲᠤᠭᠰᠠᠨ
  • 573 ᠬᠦᠮᠦᠨ ᠣᠯᠵᠠᠯᠠᠭᠳᠠᠭᠰᠠᠨ
15000 ᠬᠦᠮᠦᠨ ᠠᠯᠠᠭᠳᠠᠵᠤ᠂ ᠰᠢᠷᠬᠠᠲᠤᠭᠰᠠᠨ
  • 12000 ᠬᠦᠮᠦᠨ ᠣᠯᠵᠠᠯᠠᠭᠳᠠᠭᠰᠠᠨ
  • 180 ᠶᠡᠬᠡ ᠪᠠᠭᠤᠭ᠎ᠠ ᠠᠯᠠᠳᠠᠭᠰᠠᠨ

ᠠᠦ᠋ᠰᠲ᠋ᠧᠷᠯᠢᠼ ᠤᠨ ᠲᠤᠯᠤᠯᠳᠤᠭᠠᠨ ᠪᠤᠶᠤ ᠭᠤᠷᠪᠠᠨ ᠡᠵᠡᠨ ᠬᠠᠭᠠᠨ ᠤ ᠲᠤᠯᠤᠯᠳᠤᠭᠠᠨ ᠨᠢ 1805 ᠣᠨ ᠤ 12 ᠰᠠᠷ᠎ᠠ ᠶᠢᠨ 2 ᠨᠳ I ᠨᠠᠫᠣᠯᠶᠣᠨᠢ ᠤᠳᠤᠷᠢᠳᠤᠯᠭ᠎ᠠ ᠳᠣᠷᠣᠬ᠎ᠠ ᠹᠷᠠᠨᠼᠢ ᠶᠢᠨ ᠡᠵᠡᠨᠲᠦ ᠭᠦᠷᠦᠨ ᠨᠢ I ᠠᠯᠧᠺᠰᠠᠨᠳᠠᠷ ᠪᠠ II ᠹᠷᠠᠨᠼᠢ ᠶᠢᠨ ᠤᠳᠤᠷᠢᠳᠤᠭᠰᠠᠨ ᠣᠷᠣᠰ-ᠠᠦᠢᠰᠲᠷᠶ᠎ᠠ ᠍ ᠶᠢᠨ ᠬᠠᠮᠲᠤᠷᠠᠭᠰᠠᠨ ᠠᠷᠮᠢ ᠶᠢ ᠪᠤᠲᠠ ᠴᠣᠬᠢᠭᠰᠠᠨ ᠢᠶᠠᠷ ᠭᠤᠷᠪᠠᠳᠤᠭᠠᠷ ᠡᠪᠰᠡᠯ ᠢ ᠲᠡᠭᠦᠰᠬᠡᠬᠦ ᠳᠦ ᠬᠦᠷᠭᠡᠭᠰᠡᠨ ᠲᠤᠯᠤᠯᠳᠤᠭᠠᠨ ᠶᠤᠮ᠃ ᠲᠤᠯᠤᠯᠳᠤᠭᠠᠨ ᠨᠢ ᠲᠡᠷᠡ ᠦᠶ᠎ᠡ ᠶᠢᠨ ᠠᠦᠢᠰᠲᠷᠶ᠎ᠠ ᠶᠢᠨ ᠡᠵᠡᠨ ᠳᠦ ᠭᠦᠷᠦᠨ ᠦ ᠬᠠᠷᠢᠶᠠᠨ ᠤ (ᠣᠳᠣ ᠶᠢᠨ ᠴᠧᠺᠡᠶᠢᠨ ᠨᠤᠲᠤᠭ) ᠮᠣᠷᠠᠪᠢ ᠍ ᠶᠢᠨ ᠪᠷᠠᠨ᠎ᠠ ᠬᠣᠲᠠ ᠠᠴᠠ ᠵᠡᠭᠦᠨ ᠡᠮᠦᠨ᠎ᠡ ᠲᠡᠰᠢ 10 km ᠦᠨ ᠵᠠᠶᠢᠲᠠᠢ ᠠᠦ᠋ᠰᠲ᠋ᠧᠷᠯᠢᠼ ᠤᠨ ᠣᠶᠢᠷᠠᠯᠴᠠᠭ᠎ᠠ ᠪᠣᠯᠵᠠᠢ᠃ ᠡᠨᠡᠬᠦ ᠲᠤᠯᠤᠯᠳᠤᠭᠠᠨ ᠲᠠᠺᠲ᠋ᠢᠭ ᠤᠨ ᠰᠣᠩᠭᠣᠳᠠᠭ ᠵᠢᠱᠢᠶ᠎ᠡ ᠭᠡᠭᠳᠡᠳᠡᠭ᠃

ᠲᠤᠯᠤᠯᠳᠤᠭᠠᠨ ᠤ ᠦᠷ᠎ᠡ ᠳ᠋ᠦᠩ ᠳᠦ 1805 ᠣᠨ ᠤ 12 ᠰᠠᠷ᠎ᠠ ᠶᠢᠨ 26 ᠍ ᠳᠦ ᠠᠦᠢᠰᠲᠷᠢ᠂ ᠹᠷᠠᠨᠼᠢ ᠤᠯᠤᠰ ᠤᠳ ᠫᠷᠧᠰᠪᠦᠦᠭ ᠦᠨ ᠭᠡᠷ ᠢᠶᠡᠨᠨᠳ ᠭᠠᠷ ᠤᠨ ᠦᠰᠦᠭ ᠵᠢᠷᠤᠭᠰᠠᠨ ᠢᠶᠠᠷ ᠠᠦᠢᠰᠲᠷᠶ᠎ᠠ ᠤᠯᠤᠰ ᠳᠠᠶᠢᠨ ᠠᠴᠠ ᠭᠠᠷᠤᠨ᠂ ᠬᠠᠭᠤᠴᠢᠨ ᠺᠠᠮᠫᠣ ᠹᠣᠷᠮᠢ ᠪᠠᠨ ᠯᠤᠩᠸᠢᠯ ᠦᠨ ᠭᠡᠷᠢᠶᠡᠨᠡᠭᠦᠳᠡ ᠬᠦᠴᠦᠨ ᠲᠡᠭᠦᠯᠳᠡᠷ ᠪᠣᠯᠵᠤ᠂ ᠠᠦᠢᠰᠲᠷᠶ᠎ᠠ ᠤᠯᠤᠰ ᠹᠷᠠᠨᠼᠢ ᠶᠢᠨ ᠭᠧᠷᠮᠠᠨ ᠬᠣᠯᠪᠣᠭᠠᠲᠠᠨ ᠨᠤᠭᠤᠳ ᠲᠤ ᠭᠠᠵᠠᠷ ᠨᠤᠲᠤᠭ ᠠᠴᠠ ᠪᠠᠨ ᠥᠭᠴᠦ᠂ ᠢᠯᠠᠭᠳᠠᠭᠰᠠᠨ ᠬᠠᠪᠰᠪᠢᠷᠤᠭ ᠤᠳ ᠲᠤ 40 ᠰᠠᠶ᠎ᠠ ᠹᠷᠠᠨᠺᠡᠶᠢᠨ ᠨᠥᠬᠥᠨ ᠲᠥᠯᠥᠪᠦᠷᠢ ᠣᠨᠣᠭᠳᠠᠭᠤᠯᠵᠠᠢ᠃ ᠬᠠᠷᠢᠨ ᠣᠷᠣᠰ ᠤᠳ ᠨᠤᠲᠤᠭ ᠪᠤᠴᠠᠬᠤ ᠪᠠᠷ ᠪᠣᠯᠤᠭᠰᠠᠨ᠃ ᠠᠦ᠋ᠰᠲ᠋ᠧᠷᠯᠢᠼ ᠳᠠᠬᠢ ᠢᠯᠠᠯᠲᠠ ᠨᠢ ᠹᠷᠠᠨᠼᠢ ᠪᠣᠯᠤᠨ ᠲᠥᠪ ᠧᠦ᠋ᠷᠣᠫᠠ ᠶᠢᠨ ᠤᠯᠤᠰ ᠤᠳ ᠤᠨ ᠬᠣᠭᠣᠷᠣᠨᠳᠣ ᠵᠢᠭᠢᠷᠢᠭ᠌ᠡᠪᠴᠢ ᠪᠥᠰᠡ ᠪᠣᠯᠬᠤ ᠭᠧᠷᠮᠠᠨ ᠤ ᠤᠯᠤᠰ ᠤᠳ ᠤᠨ ᠷᠠᠶᠢᠨ ᠤ ᠬᠣᠯᠪᠣᠭ᠎ᠠ ᠪᠤᠢ ᠪᠣᠯᠵᠠᠢ᠃ 1806 ᠣᠨ ᠳᠤ ᠠᠷᠢᠭᠤᠨ ᠷᠤᠮᠠᠨᠢᠶ ᠠ ᠡᠵᠡᠨᠲᠦ ᠭᠦᠷᠦᠨ ᠮᠥᠬᠥᠵᠦ᠂ ᠠᠷᠢᠭᠤᠨ ᠷᠤᠮᠠᠨᠢᠶ ᠠ ᠡᠵᠡᠨ ᠬᠠᠭᠠᠨ II ᠹᠷᠠᠨᠼᠢ ᠳᠤ ᠠᠦᠢᠰᠲᠷᠶ᠎ᠠ ᠶᠢᠨ I ᠹᠷᠠᠨᠼᠢ ᠭᠡᠬᠦ ᠴᠣᠯᠠ ᠨᠢ ᠯᠠ ᠠᠯᠪᠠᠨ ᠶᠣᠰᠣᠭᠠᠷ ᠦᠯᠡᠳᠡᠭᠰᠡᠨ᠃ ᠭᠡᠬᠦ ᠳᠦ ᠪᠡᠨ ᠡᠳᠡᠭᠡᠷ ᠠᠮᠵᠢᠯᠲᠠ ᠨᠢ ᠲᠤᠰ ᠲᠢᠪ ᠲᠦ ᠡᠩᠬᠡᠲᠠᠶᠢᠪᠤᠩ ᠪᠠᠶᠢᠳᠠᠯ ᠢ ᠤᠳᠠᠭᠠᠨ ᠬᠤᠭᠤᠴᠠᠭᠠᠨ ᠳᠤ ᠲᠣᠭᠲᠠᠭᠠᠵᠤ ᠴᠢᠳᠠᠭ᠎ᠠ ᠦᠭᠡᠢ᠃ ᠲᠥᠪ ᠧᠦ᠋ᠷᠣᠫᠠ ᠲᠤ ᠹᠷᠠᠨᠼᠢ ᠶᠢᠨ ᠨᠥᠯᠥᠭᠡ ᠨᠡᠮᠡᠭᠳᠡᠵᠦ ᠪᠤᠶᠢᠳᠠ ᠳᠤᠷᠠᠭᠦᠶᠢᠴᠡᠭᠰᠡᠨ ᠫᠷᠥᠰᠰᠴᠤᠳ 1806 ᠣᠨ ᠳᠤ ᠳᠥᠷᠪᠡᠳᠦᠭᠡᠷ ᠡᠪᠰᠡᠯ ᠦᠨ ᠳᠠᠶᠢᠨ ᠍ ᠢ ᠡᠬᠢᠯᠡᠭᠦᠯᠦᠭᠰᠡᠨ ᠪᠢᠯᠡ᠃

ᠤᠷᠢᠳᠴᠢ ᠨᠥᠬᠥᠴᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1792 ᠣᠨ ᠳᠤ ᠹᠷᠠᠨᠼᠢ ᠶᠢᠨ ᠬᠤᠪᠢᠰᠬᠠᠯ ᠡᠬᠢᠯᠡᠭᠰᠡᠨ ᠢᠶᠡᠷ ᠧᠦ᠋ᠷᠣᠫᠠ ᠳᠤ ᠡᠮᠬᠢ ᠵᠠᠮᠪᠠᠷᠠᠭ᠎ᠠ ᠦᠭᠡᠢ ᠪᠠᠶᠢᠳᠠᠯ ᠡᠭᠦᠰᠴᠡᠢ᠃ 1797 ᠣᠨ ᠳᠤ 5 ᠵᠢᠯ ᠦᠨ ᠳᠠᠶᠢᠨ ᠤ ᠡᠴᠦᠰ ᠲᠦ ᠹᠷᠠᠨᠼᠢ ᠶᠢᠨ ᠪᠦᠭᠦᠳᠡ ᠨᠠᠶᠢᠷᠠᠮᠳᠠᠬᠤ ᠤᠯᠤᠰ ᠨᠢᠭᠡᠳᠦᠭᠡᠷ ᠡᠪᠰᠡᠯ ᠢ ᠳᠡᠶᠢᠯᠵᠡᠢ᠃ 1798 ᠣᠨ ᠳᠤ ᠬᠣᠶᠠᠳᠤᠭᠠᠷ ᠡᠪᠰᠡᠯ ᠵᠣᠬᠢᠶᠠᠨ ᠪᠠᠶᠢᠭᠤᠯᠤᠭᠳᠠᠭᠰᠠᠨ ᠴᠤ 1801 ᠣᠨ ᠳᠤ ᠢᠯᠠᠭᠳᠠᠨ ᠵᠠᠳᠠᠷᠠᠵᠤ᠂ ᠵᠥᠪᠬᠡᠨ ᠪᠷᠢᠲ᠋ᠠᠨ(ᠠᠩᠭᠯᠢ) ᠯᠠ ᠹᠷᠠᠨᠼᠢ ᠶᠢᠨ ᠺᠣᠨᠰᠤᠶᠢᠯᠠᠲ᠋ ᠍ ᠤᠨ ᠡᠰᠡᠷᠬᠦ ᠵᠣᠭᠰᠣᠭᠰᠠᠭᠠᠷ ᠦᠯᠡᠳᠡᠭᠰᠡᠨ᠃ 1802 ᠣᠨ ᠤ 3 ᠰᠠᠷ᠎ᠠ ᠳᠤ ᠹᠷᠠᠨᠼᠢ ᠪᠷᠢᠲ᠋ᠠᠨ(ᠠᠩᠭᠯᠢ) ᠤᠯᠤᠰ ᠤᠳ ᠠᠮᠢᠶᠧᠨ ᠤ ᠭᠡᠷ ᠢᠶᠡᠨ ᠶᠢ ᠪᠠᠶᠢᠭᠤᠯᠵᠤ᠂ ᠳᠠᠶᠢᠰᠤᠩᠨᠠᠭᠰᠠᠨ ᠪᠠᠶᠢᠳᠠᠯ ᠢᠶᠠᠨ ᠵᠣᠭᠰᠣᠪᠠ᠃ ᠡᠶᠢᠨᠬᠦᠦ 10 ᠵᠢᠯ ᠦᠨ ᠳᠠᠷᠠᠭ᠎ᠠ ᠧᠦ᠋ᠷᠣᠫᠠ ᠳᠤ ᠡᠩᠬᠡ ᠴᠠᠭ ᠢᠷᠡᠭᠰᠡᠨ ᠪᠣᠯᠪᠠᠴᠤ ᠬᠣᠶᠠᠷ ᠲᠠᠯ᠎ᠠ ᠶᠢᠨ ᠬᠣᠭᠣᠷᠣᠨᠳᠣ ᠣᠯᠠᠨ ᠠᠰᠠᠭᠤᠳᠠᠯ ᠦᠯᠡᠳᠡᠭᠰᠡᠨ ᠲᠤᠯᠠ ᠭᠡᠷ᠎ᠡ ᠶᠢ ᠪᠡᠶᠡᠯᠡᠭᠦᠯᠬᠦ ᠨᠢ ᠤᠯᠠᠮ ᠬᠡᠴᠡᠭᠦᠦ ᠪᠣᠯᠵᠤ ᠢᠷᠡᠵᠡᠢ᠃ ᠪᠷᠢᠲ᠋ᠠᠨ(ᠠᠩᠭᠯᠢ) ᠤᠨ ᠵᠠᠰᠠᠭ ᠤᠨ ᠭᠠᠵᠠᠷ 1793 ᠣᠨ ᠠᠴᠠ ᠬᠣᠶᠢᠰᠢ ᠺᠣᠯᠣᠨᠢ ᠨᠤᠭᠤᠳ ᠤᠨ ᠢᠶᠠᠨ ᠶᠡᠬᠡᠩᠬᠢ ᠶᠢ ᠠᠯᠠᠳᠠᠭᠰᠠᠨ ᠳᠤ ᠪᠠᠨ ᠪᠤᠬᠢᠨᠢᠳᠤᠵᠤ᠂ ᠬᠠᠷᠢᠨ ᠨᠠᠫᠣᠯᠶᠣᠨ ᠠᠩᠭᠯᠢᠴᠢ ᠨᠤᠭᠤᠳ ᠠᠷᠮᠢ ᠪᠠᠨ ᠮᠠᠯᠦᠲ᠋ᠠ ᠠᠷᠠᠯ ᠠᠴᠠ ᠲᠠᠲᠠᠬᠤ ᠦᠭᠡᠢ ᠪᠠᠶᠢᠭᠠᠳ ᠳᠤᠷᠠᠭᠦᠶᠢᠴᠡᠵᠦ ᠪᠠᠶᠢᠯ᠎ᠠ᠃ ᠬᠠᠶᠢᠲᠤ ᠶᠢᠨ ᠬᠤᠪᠢᠰᠬᠠᠯ ᠍ ᠢ ᠳᠠᠷᠤᠬᠤ ᠪᠠᠷ ᠨᠠᠫᠣᠯᠶᠣᠨ ᠨᠡᠮᠡᠯᠲᠡ ᠬᠦᠴᠦ ᠢᠯᠡᠭᠡᠭᠰᠡᠨ ᠨᠢ ᠪᠠᠶᠢᠳᠠᠯ ᠢ ᠬᠤᠷᠴᠠᠳᠬᠠᠵᠤ᠂ 1803 ᠣᠨ ᠤ 5 ᠰᠠᠷ᠎ᠠ ᠳᠤ ᠪᠷᠢᠲ᠋ᠠᠨ(ᠠᠩᠭᠯᠢ) ᠹᠷᠠᠨᠼᠢ ᠳᠤ ᠳᠠᠶᠢᠨ ᠵᠠᠷᠯᠠᠵᠠᠢ᠃

ᠭᠤᠷᠪᠠᠳᠤᠭᠠᠷ ᠡᠪᠰᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1804 ᠣᠨ ᠤ 12 ᠰᠠᠷ᠎ᠠ ᠳᠤ ᠠᠩᠭᠯᠢ-ᠰᠸᠸᠳᠡᠨ ᠤᠯᠤᠰ ᠤᠳ ᠭᠤᠷᠪᠠᠳᠤᠭᠠᠷ ᠡᠪᠰᠡᠯ ᠢ ᠪᠠᠶᠢᠭᠤᠯᠬᠤ ᠪᠠᠷ ᠲᠣᠬᠢᠷᠠᠯᠴᠠᠵᠠᠢ᠃ 1804 ᠪᠠ 1805 ᠣᠨ ᠨᠤᠭᠤᠳ ᠲᠤ ᠠᠩᠭᠯᠢ ᠶᠢᠨ ᠶᠡᠷᠦᠩᠬᠡᠢ ᠰᠠᠶᠢᠳ ᠸᠢᠯᠤᠮ ᠫᠲ᠋ᠲ ᠹᠷᠠᠨᠼᠢ ᠶᠢᠨ ᠡᠰᠡᠷᠬᠦ ᠡᠪᠰᠡᠯ ᠪᠠᠶᠢᠭᠤᠯᠬᠤ ᠲᠠᠯ᠎ᠠ ᠪᠠᠷ ᠳ᠋ᠢᠫᠯᠣᠮᠠᠲ ᠦᠢᠯᠡ ᠠᠵᠢᠯᠯᠠᠭ᠎ᠠ ᠶᠢ ᠪᠠᠨ ᠢᠳᠡᠪᠬᠢᠵᠢᠭᠦᠯᠦᠭᠰᠡᠨ ᠢᠶᠡᠷ 1805 ᠣᠨ ᠤ 4 ᠰᠠᠷ᠎ᠠ ᠳᠤ ᠠᠩᠭᠯᠢ-ᠣᠷᠣᠰ ᠤᠯᠤᠰ ᠤᠳ ᠬᠣᠯᠪᠣᠭᠠᠲᠠᠨ ᠤ ᠭᠡᠷᠢᠶᠡᠨ ᠳᠦ ᠭᠠᠷ ᠤᠨ ᠦᠰᠦᠭ ᠵᠢᠷᠤᠵᠠᠭᠠᠪᠠ᠃ ᠹᠷᠠᠨᠼᠢ ᠳᠤ ᠬᠣᠶᠠᠷ ᠴᠤ ᠤᠳᠠᠭ᠎ᠠ ᠰᠢᠪᠰᠢᠭᠲᠡᠢ ᠪᠡᠷ ᠢᠯᠠᠭᠳᠠᠭᠰᠠᠨ ᠤ ᠪᠠᠨ ᠥᠰᠢᠶ᠎ᠡ ᠶᠢ ᠠᠪᠬᠤ ᠬᠦᠰᠡᠯ ᠲᠡᠢ ᠠᠦᠢᠰᠲᠷᠶ᠎ᠠ ᠤᠯᠤᠰ ᠬᠡᠳᠦᠨ ᠰᠠᠷ᠎ᠠ ᠶᠢᠨ ᠳᠠᠷᠠᠭ᠎ᠠ ᠡᠪᠰᠡᠯᠳᠦ ᠨᠢᠭᠡᠳᠴᠡᠢ

ᠹᠷᠠᠨᠼᠢ ᠶᠢᠨ ᠡᠵᠡᠨ ᠬᠠᠭᠠᠨ ᠤ ᠠᠷᠮᠢ[ᠵᠠᠰᠠᠪᠤᠷᠢᠯᠠᠬᠤ | ᠺᠣᠳ᠋ ᠢᠶᠠᠷ ᠵᠠᠰᠠᠬᠣ]

Coat of arms of the First French Empire, round shield version.svg

ᠭᠤᠷᠪᠠᠳᠤᠭᠠᠷ ᠡᠪᠰᠡᠯ ᠦᠨ ᠡᠮᠦᠨ᠎ᠡ I ᠨᠠᠫᠣᠯᠶᠣᠨ ᠥᠪᠡᠷ ᠦᠨ ᠠᠷᠮᠢ ᠪᠠᠨ ᠬᠣᠶᠢᠳᠤ ᠹᠷᠠᠨᠼᠢ ᠶᠢᠨ ᠨᠤᠲᠤᠭ ᠳᠡᠰᠬᠡᠷ ᠪᠣᠯᠬᠤ ᠪᠤᠯᠣᠨᠢ ᠪᠠᠶᠢᠷᠢᠰᠢᠭᠤᠯᠵᠤ ᠠᠩᠭᠯᠢᠢ ᠡᠵᠡᠨ ᠬᠠᠭᠠᠨ ᠤ ᠠᠷᠮᠢ ᠶᠢ ᠪᠤᠲᠠ ᠴᠣᠬᠢᠬᠤ ᠪᠠᠷ ᠶᠠᠪᠤᠭᠤᠯᠵᠠᠢ᠃ ᠲᠡᠷᠡ ᠡᠨᠡᠬᠦ ᠳᠠᠭᠠᠷᠢᠯᠲᠠ ᠪᠠᠷ ᠢᠶᠠᠨ ᠠᠩᠭᠯᠢ ᠶᠢ ᠳᠠᠭᠠᠷᠢᠨ ᠡᠵᠡᠯᠡᠨ ᠠᠪᠬᠤ ᠶᠢ ᠲᠥᠯᠥᠪᠯᠡᠵᠦ᠂ ᠡᠭᠦᠨ ᠢ ᠪᠡᠨ ᠠᠮᠵᠢᠯᠲᠠᠲᠠᠢ ᠪᠣᠯᠤᠨ᠎ᠠ ᠭᠡᠳᠡᠭ ᠲᠦ ᠮᠠᠰᠢ ᠶᠡᠬᠡ ᠢᠲᠡᠭᠡᠯ ᠲᠡᠢ ᠪᠠᠶᠢᠴᠠᠢ᠃ ᠠᠩᠭᠯᠢ ᠶᠢ ᠪᠠᠶᠢᠯᠳᠤᠨ ᠳᠠᠭᠠᠭᠤᠯᠤᠭᠰᠠᠨ ᠭᠡᠳ ᠳᠤᠷᠠᠰᠬᠠᠯ ᠤᠨ ᠣᠳᠣᠨ ᠢ ᠬᠦᠷᠲᠡᠯ᠎ᠡ ᠭᠠᠷᠭᠠᠭᠤᠯᠤᠭᠰᠠᠨ ᠪᠠᠶᠢᠯ᠎ᠠ᠃ ᠭᠡᠪᠡᠴᠦ ᠨᠠᠫᠣᠯᠶᠣᠨ ᠤ ᠴᠡᠷᠢᠭ ᠦᠳ ᠠᠩᠭᠯᠢ ᠶᠢᠨ ᠤᠰᠤᠨ ᠴᠡᠷᠢᠭ ᠡᠴᠡ ᠪᠣᠯᠭᠣᠮᠵᠢᠯᠠᠵᠤ ᠶᠠᠮᠠᠷ ᠨᠢᠭᠡᠨ ᠴᠡᠷᠢᠭ ᠦᠨ ᠣᠫᠧᠷᠠᠼ ᠵᠣᠬᠢᠶᠠᠨ ᠪᠠᠶᠢᠭᠤᠯᠤᠯ ᠦᠭᠡᠢ ᠪᠠᠶᠢᠯ᠎ᠠ᠃ ᠲᠡᠭᠦᠨ ᠦ ᠴᠡᠷᠢᠭ ᠦᠳ ᠲᠡᠨᠳᠡ ᠤᠳᠠᠭᠠᠨ ᠪᠠᠶᠢᠷᠢᠯᠠᠭᠰᠠᠨ ᠠᠴᠠ ᠪᠣᠯᠵᠤ ᠴᠡᠷᠢᠭ ᠦᠳ ᠦᠨ ᠢᠲᠡᠭᠡᠯ ᠤᠨᠲᠠᠷᠠᠴᠢ ᠡᠬᠢᠯᠡᠵᠡᠢ᠃ ᠨᠠᠫᠣᠯᠶᠣᠨ ᠡᠭᠦᠨ ᠳᠦ ᠰᠠᠨᠠᠭ᠎ᠠ ᠵᠣᠪᠠᠨᠢᠨ ᠴᠡᠷᠢᠭ ᠦᠨ ᠬᠡᠳᠦ ᠬᠡᠳᠦᠨ ᠲᠣᠮᠣᠬᠠᠨ ᠵᠢᠭ᠌ᠰᠠᠭᠠᠯ ᠵᠣᠬᠢᠶᠠᠨ ᠪᠠᠶᠢᠭᠤᠯᠵᠤ ᠴᠡᠷᠢᠭ ᠦᠨ ᠢᠲᠡᠭᠡᠯ ᠢ ᠨᠡᠮᠡᠵᠡᠢ᠃

ᠪᠤᠯᠣᠨᠢᠳ ᠪᠠᠶᠢᠷᠢᠯᠠᠵᠤ ᠪᠠᠶᠢᠭᠰᠠᠨ ᠲᠡᠭᠦᠨ ᠦ ᠠᠷᠮᠢ ᠶᠢ ᠰᠡᠭᠦᠯ ᠳᠦ ᠭᠠᠷᠤᠨ ᠳᠤ ᠠᠷᠮᠢᠢ ᠭᠡᠭᠳᠡᠬᠦ ᠪᠣᠯᠤᠭᠰᠠᠨ᠃ ᠠᠩᠬᠠᠨ ᠳᠤ ᠪᠠᠨ ᠭᠠᠷᠤᠨ ᠳᠤ ᠠᠷᠮᠢᠢ 200000 ᠣᠷᠴᠢᠮ ᠬᠦᠮᠦᠨ ᠲᠡᠢ 7 ᠺᠣᠷᠫᠤᠶᠢᠰ ᠲᠤ ᠬᠤᠪᠢᠶᠠᠭᠳᠠᠵᠤ᠂ ᠺᠣᠷᠫᠤᠶᠢᠰ ᠪᠣᠯᠭᠠᠨ ᠳᠤ 36-40 ᠶᠡᠬᠡ ᠪᠤᠤ ᠲᠠᠢ ᠪᠠᠶᠢᠴᠠᠢ᠃ ᠺᠣᠷᠫᠤᠶᠢᠰ ᠪᠣᠯᠭᠠᠨ ᠳᠤ 1-2 ᠲᠤᠯᠤᠯᠳᠤᠭᠠᠨ ᠳᠤ ᠣᠷᠣᠯᠴᠠᠵᠤ ᠠᠮᠢᠳᠤ ᠦᠯᠡᠳᠡᠭᠰᠡᠨ ᠬᠦᠮᠦᠨ ᠪᠠᠶᠢᠭᠰᠠᠨ ᠪᠥᠭᠡᠳ᠂ ᠲᠡᠭᠦᠨ ᠦ ᠠᠷᠮᠢ ᠠᠰᠤᠷᠤ ᠶᠡᠬᠡ ᠲᠤᠷᠰᠢᠯᠭ᠎ᠠ ᠲᠠᠢ ᠪᠠᠶᠢᠴᠠᠢ᠃ ᠨᠠᠫᠣᠯᠶᠣᠨ 22000 ᠮᠣᠷᠢᠨ ᠴᠡᠷᠢᠭ ᠪᠦᠬᠦᠢ ᠨᠥᠭᠡᠴᠡ ᠬᠦᠴᠦ ᠪᠠᠶᠢᠭᠤᠯᠵᠤ᠂ ᠮᠣᠷᠢᠨ ᠴᠡᠷᠢᠭ ᠲᠦ 2 ᠺᠢᠷᠰᠢᠷᠡᠶᠢᠨ ᠳ᠋ᠢᠸᠢᠽ᠂ 4 ᠳᠠᠷᠭᠦᠨᠢᠢ ᠳ᠋ᠢᠸᠢᠽ᠂ 1 ᠶᠠᠪᠠᠭᠠᠨ ᠳ᠋ᠷᠠᠳᠤᠨ ᠤ ᠳ᠋ᠢᠸᠢᠽ᠂ ᠪᠠᠰᠠ 1 ᠬᠥᠩᠭᠡᠨ ᠮᠣᠷᠢᠨ ᠴᠡᠷᠢᠭ ᠦᠨ ᠳ᠋ᠢᠸᠢᠽ ᠪᠠᠶᠢᠭᠤᠯᠵᠠᠢ᠃ ᠡᠨᠡ ᠪᠦᠬᠦᠨ ᠢ ᠳᠡᠮᠵᠢᠬᠦ ᠵᠣᠷᠢᠭᠤᠯᠤᠯᠲᠠ ᠲᠠᠢ 24 ᠶᠡᠬᠡ ᠪᠤᠤᠨ ᠤ ᠠᠩᠭᠢ ᠪᠠᠶᠢᠭᠰᠠᠨ᠃ 1805 ᠣᠨ ᠳᠤ ᠭᠠᠷᠤᠨ ᠳᠤ ᠠᠷᠮᠢ ᠶᠢᠨ ᠲᠣᠭ᠎ᠠ 350000 ᠍ ᠳᠦ ᠬᠦᠷᠴᠦ ᠬᠦᠮᠦᠨ ᠪᠦᠷᠢ ᠨᠢ ᠰᠠᠶᠢᠨ ᠪᠡᠯᠡᠳᠬᠡᠭᠳᠡᠵᠦ᠂ ᠠᠪᠢᠶᠠᠰᠯᠢᠭ ᠣᠹᠢᠼᠧᠷ ᠢᠶᠡᠷ ᠤᠳᠤᠷᠢᠳᠤᠭᠤᠯᠵᠤ ᠪᠠᠶᠢᠴᠠᠢ᠃

ᠪᠢᠴᠢᠭᠡᠰᠦ