ᠠᠤᠭ᠎ᠠ ᠲᠢᠭᠷᠠᠨ᠋ᠧᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠶᠡᠬᠡ ᠲᠢᠭᠷᠠᠨ᠋ᠧᠰ

ᠶᠡᠬᠡ ᠲᠢᠭᠷᠠᠨ᠋ᠧᠰ ᠪᠤᠶᠤ ᠲᠢᠭᠷᠠᠨ᠋ᠧᠰ II (ᠠᠩᠭᠯᠢ ᠪᠠᠷ Tigranes the Greatᠠᠷᠮᠧᠨ ᠬᠡᠯᠡ:Տիգրան Մեծ) ᠨᠢ ᠬᠡᠨ ᠳᠦ ᠴᠤ ᠦᠯᠦ ᠠᠩᠵᠠᠭᠠᠷᠠᠭᠳᠠᠮ᠎ᠠ ᠵᠢᠵᠢᠭ᠍ᠭᠡᠨ ᠠᠷᠮᠧᠨ ᠤᠯᠤᠰ ᠢ (The Republic of Armenia) ᠮᠠᠰᠢ ᠪᠣᠭᠣᠨᠢ ᠬᠤᠭᠤᠴᠠᠭᠠᠨ ᠳᠤ ᠬᠦᠴᠦᠷᠬᠡᠭ ᠷᠤᠮᠠ ᠲᠠᠢ ᠦᠷᠢᠰᠦᠯᠳᠦᠬᠦᠶᠢᠴᠠ ᠬᠡᠮᠵᠢᠶ᠎ᠡ ᠲᠡᠢ ᠠᠪᠤᠷᠭᠤ ᠭᠦᠷᠦᠨ ᠪᠣᠯᠭᠠᠭᠰᠠᠨ ᠠᠷᠮᠧᠨ ᠤ ᠬᠠᠭᠠᠨ ᠶᠤᠮ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 140ᠤᠨ ᠳᠤ ᠠᠷᠲ᠋ᠠᠸᠠᠽᠡᠳ ᠬᠠᠭᠠᠨ ᠤ(Artavazd I) ᠭᠡᠷ ᠲᠦ ᠢᠷᠡᠭᠡᠳᠦᠢ ᠶᠢᠨ ᠶᠡᠬᠡ ᠤᠳᠤᠷᠢᠳᠤᠭᠴᠢ᠂ ᠠᠷᠲ᠋ᠠᠺᠰᠢᠶᠠᠳ ᠤᠨ ᠤᠭᠰᠠᠭᠠᠨ ᠤ ᠬᠠᠮᠤᠭ ᠤᠨ ᠬᠦᠴᠦᠷᠬᠡᠭ ᠬᠠᠭᠠᠨ ᠲᠢᠭᠷᠠᠨ᠋ᠧᠰ ᠮᠡᠨᠳᠦᠯᠡᠵᠡᠢ᠃ ᠲᠡᠷᠡᠪᠡᠷ ᠫᠣᠨᠲ(蓬托斯) ᠤᠨ ᠮᠢᠲ᠋ᠸᠷᠢᠳᠠᠲ ᠬᠠᠭᠠᠨ ᠤ ᠥᠬᠢᠨ ᠺᠯᠶᠣᠫᠠᠲᠷᠠ ᠲᠠᠢ ᠭᠡᠷᠯᠡᠭᠰᠡᠨ ᠪᠥᠭᠡᠳ ᠬᠠᠭᠠᠨᠴᠢᠯᠠᠯ ᠤᠨ ᠬᠤᠭᠤᠴᠠᠭᠠᠨ ᠳᠤ ᠪᠠᠨ ᠮᠠᠰᠢ ᠣᠯᠠᠨ ᠳᠠᠶᠢᠨ ᠲᠤᠯᠤᠭᠠᠨ ᠬᠢᠵᠦ ᠪᠠᠶᠢᠭᠰᠠᠨ ᠠᠵᠢ᠃ ᠲᠢᠭᠷᠠᠨ᠋ᠧᠰ ᠬᠠᠭᠠᠨ ᠫᠠᠷᠹ(帕提亚)᠂ ᠰᠧᠯᠧᠸᠰᠢᠳ ᠦᠨ ᠡᠵᠡᠨᠲᠦ ᠤᠯᠤᠰ(Seleucid Dynasty) ᠪᠤᠯᠤᠨ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠲᠠᠢ ᠣᠯᠠᠨ ᠣᠯᠠᠨ ᠲᠤᠯᠤᠭᠠᠨ ᠬᠢᠵᠦ ᠪᠠᠶᠢᠭᠰᠠᠨ ᠶᠤᠮ᠃

==ᠠᠮᠢᠳᠤᠷᠠᠯ ᠤᠨ ᠡᠬᠢᠨ ᠦᠶ᠎ᠡ==   ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 105 ᠤᠨ ᠳᠤ ᠫᠠᠷᠹ ᠦᠨ ᠡᠵᠡᠨᠲᠦ ᠤᠯᠤᠰ ᠠᠷᠮᠧᠨ ᠢ ᠪᠠᠶᠢᠯᠳᠤᠨ ᠳᠠᠭᠠᠭᠤᠯᠤᠭᠰᠠᠨ ᠪᠥᠭᠡᠳ ᠠᠷᠮᠧᠨ ᠶᠢᠨ ᠬᠠᠭᠠᠨ ᠣᠷᠣ ᠵᠠᠯᠭᠠᠬᠤ ᠬᠥᠪᠡᠭᠦᠨ ᠢᠶᠡᠨ ᠫᠠᠷᠹ ᠦᠨ ᠬᠠᠭᠠᠨ ᠳᠤ ᠢᠯᠡᠭᠡᠵᠦ᠂ ᠪᠠᠷᠢᠴᠠᠭᠠᠨ ᠤ ᠬᠦᠮᠦᠨ ᠪᠣᠯᠭᠠᠵᠠᠢ᠃ ᠲᠢᠭᠷᠠᠨ᠋ᠧᠰ 10 ᠵᠢᠯ ᠣᠷᠴᠢᠮ ᠵᠢᠯ ᠮᠢᠲ᠋ᠸᠷᠢᠳᠠᠲ II ᠬᠠᠭᠠᠨ ᠤ ᠣᠷᠳᠣᠨ ᠳᠤ ᠠᠮᠢᠳᠤᠷᠠᠭᠰᠠᠨ ᠪᠠᠶᠢᠨ᠎ᠠ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 95ᠤᠨ ᠳᠤ ᠡᠴᠢᠭᠡ ᠨᠢ ᠨᠠᠰᠤ ᠪᠠᠷᠠᠬᠤ ᠳᠤ ᠠᠲ᠋ᠷᠣᠫᠠᠲ᠋ᠧᠨ ᠪᠤᠶᠤ ᠥᠨᠥ ᠶᠢᠨ ᠢᠷᠡᠨᠠᠽᠧᠷᠪᠠᠶᠢᠵᠠᠨ ᠤ ᠨᠤᠲᠤᠭ ᠲᠤ ᠪᠠᠶᠢᠭᠰᠠᠨ ᠫᠠᠷᠹ ᠦᠨ ᠬᠠᠭᠠᠨ ᠳᠤ ᠥᠪᠡᠷ ᠦᠨ ᠨᠤᠲᠤᠭ ᠠᠴᠠ ᠪᠠᠨ "ᠳᠠᠯᠠᠨ ᠨᠤᠭᠤ" ᠡᠷᠭᠦᠵᠦ᠂ ᠡᠷᠬᠡ ᠴᠢᠯᠦᠭᠡ ᠪᠡᠨ ᠣᠯᠵᠤ ᠠᠪᠴᠠᠢ᠃ ᠲᠡᠷᠡ ᠪᠡᠷ ᠤᠯᠤᠰ ᠣᠷᠣᠨ ᠢᠶᠠᠨ ᠪᠠᠶᠢᠭᠤᠯᠤᠨ᠎ᠠ ᠬᠡᠮᠡᠨ ᠵᠣᠪᠠᠭᠰᠠᠨ ᠦᠭᠡᠢ᠂ ᠡᠪᠦᠭᠡ ᠡᠴᠢᠭᠡ ᠠᠷᠲ᠋ᠠᠸᠠᠽᠡᠳ I ᠤᠨ ᠤᠯᠤᠰ ᠢ ᠰᠢᠭᠤᠳ ᠥᠪᠯᠡᠨ ᠠᠪᠴᠤ᠂ ᠬᠦᠴᠦ ᠪᠡᠨ ᠬᠤᠷᠠᠮᠲᠤᠯᠠᠭᠤᠯᠵᠤ ᠡᠬᠢᠯᠡᠵᠡᠢ᠃ ᠬᠡᠳᠦᠢ ᠲᠡᠶᠢᠮᠦ ᠴᠤ ᠠᠷᠮᠧᠨ ᠨᠢ ᠠᠪᠤᠷᠭᠤ ᠠᠭᠤᠯᠠ ᠨᠢᠷᠤᠭᠤᠳ ᠢᠶᠠᠷ ᠬᠢᠵᠠᠭᠠᠷᠯᠠᠭᠳᠠᠭᠰᠠᠨ᠂ ᠪᠥᠰᠡ ᠨᠤᠲᠤᠭ ᠲᠤ ᠪᠠᠨ ᠪᠠᠷᠤᠭ ᠬᠠᠭᠠᠨ ᠮᠡᠲᠦ ᠨᠥᠯᠥᠭᠡ ᠲᠡᠢ ᠨᠠᠬᠠᠷᠠᠷ ᠤᠳ ᠢᠶᠠᠷ(ᠵᠠᠬᠢᠷᠤᠭᠴᠢᠳ ᠢᠶᠠᠷ) ᠤᠳᠤᠷᠢᠳᠤᠭᠤᠯᠤᠭᠰᠠᠨ ᠤᠨᠳᠤᠤ ᠤᠨᠳᠤᠤ ᠱᠠᠰᠢᠨ ᠰᠢᠲᠦᠯᠭᠡ ᠲᠡᠢ ᠣᠯᠠᠨ ᠵᠢᠵᠢᠭ ᠣᠪᠤᠭ ᠤᠳ ᠠᠴᠠ ᠪᠥᠷᠢᠳᠴᠦ ᠪᠠᠶᠢᠭᠰᠠᠨ ᠶᠤᠮ᠃ ᠡᠨᠡ ᠪᠠᠶᠢᠳᠠᠯ ᠨᠢ ᠲᠢᠭᠷᠠᠨ᠋ᠧᠰ ᠳᠤ ᠲᠠᠭᠠᠯᠠᠭᠳᠠᠭ᠎ᠠ ᠦᠭᠡᠢ ᠲᠤᠯᠠ ᠤᠯᠤᠰ ᠤᠨ ᠪᠦᠬᠦ ᠤᠳᠤᠷᠢᠳᠤᠯᠭ᠎ᠠ ᠶᠢ ᠭᠠᠷ ᠲᠤ ᠪᠠᠨ ᠠᠪᠴᠤ᠂ ᠲᠥᠪᠯᠡᠷᠡᠭᠰᠡᠨ ᠤᠳᠤᠷᠢᠳᠤᠯᠭ᠎ᠠ ᠶᠢᠨ ᠲᠣᠭᠲᠠᠯᠴᠠᠭ᠎ᠠ ᠶᠢ ᠪᠤᠢ ᠪᠣᠯᠭᠠᠭᠰᠠᠨ ᠪᠠᠶᠢᠨ᠎ᠠ᠃ ᠡᠨᠡ ᠠᠵᠢᠯᠯᠠᠭ᠎ᠠ ᠨᠢ ᠢᠷᠡᠭᠡᠳᠦᠢ ᠶᠢᠨ ᠶᠡᠬᠡ ᠭᠦᠷᠦᠨ ᠢ ᠪᠠᠶᠢᠭᠤᠯᠬᠤ ᠦᠢᠯᠡ ᠬᠡᠷᠡᠭ ᠦᠨ ᠬᠢᠨᠢ ᠡᠬᠢᠯᠡᠯ ᠪᠠᠶᠢᠯ᠎ᠠ᠃

ᠶᠡᠬᠡ ᠲᠢᠭᠷᠠᠨ᠋ᠧᠰ

==ᠺᠯᠶᠣᠫᠠᠲᠷᠠ ᠲᠠᠢ ᠤᠷᠤᠭ ᠪᠠᠷᠢᠯᠳᠤᠭᠰᠠᠨ ᠨᠢ==   ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 90-85ᠤᠨ ᠤ ᠬᠣᠭᠣᠷᠣᠨᠳᠣ ᠫᠣᠨᠲ ᠤᠨ ᠬᠠᠭᠠᠨ ᠮᠢᠲ᠋ᠸᠷᠢᠳᠠᠲ ᠤᠨ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠍ᠲᠠᠢ ᠬᠢᠭᠰᠡᠨ ᠠᠩᠬᠠᠨ ᠤ ᠳᠠᠶᠢᠨ ᠤ ᠦᠶ᠎ᠡ ᠳᠦ ᠲᠡᠷᠡ ᠪᠡᠷ ᠮᠢᠲ᠋ᠸᠷᠢᠳᠠᠲ ᠢ ᠳᠡᠮᠵᠢᠵᠦ ᠪᠠᠶᠢᠭᠰᠠᠨ ᠴᠤ ᠳᠠᠶᠢᠨ ᠳᠤ ᠰᠢᠭᠤᠳ ᠣᠷᠣᠯᠴᠠᠬᠤ ᠠᠴᠠ ᠪᠣᠯᠭᠣᠮᠵᠢᠯᠠᠵᠤ ᠪᠠᠶᠢᠪᠠ᠃

ᠮᠢᠲ᠋ᠸᠷᠢᠳᠠᠲ ᠤᠨ ᠥᠬᠢᠨ ᠺᠯᠶᠣᠫᠠᠲᠷᠠ ᠲᠠᠢ ᠭᠡᠷᠯᠡᠵᠦ᠂ ᠤᠷᠤᠭ ᠪᠠᠷᠢᠯᠳᠤᠭᠰᠠᠨ ᠢᠶᠠᠷ ᠲᠢᠭᠷᠠᠨ᠋ᠧᠰ ᠮᠠᠰᠢ ᠬᠤᠷᠳᠤᠨ ᠬᠦᠴᠦᠷᠬᠡᠭᠵᠢᠭᠰᠠᠨ ᠪᠠᠶᠢᠨ᠎ᠠ᠃ ᠮᠢᠲ᠋ᠸᠷᠢᠳᠠᠲ ᠢ ᠪᠠᠭ᠎ᠠ ᠠᠽᠢᠶ᠎ᠠᠧᠦ᠋ᠷᠣᠫᠠᠤᠷᠤᠭᠤ ᠭᠠᠵᠠᠷ ᠨᠤᠲᠤᠭ ᠢᠶᠠᠨ ᠲᠡᠯᠡᠬᠦ ᠵᠣᠷᠢᠯᠭ᠎ᠠ ᠪᠠᠷ ᠷᠤᠮᠠ ᠲᠠᠢ ᠲᠤᠯᠤᠯᠳᠤᠵᠤ ᠪᠠᠶᠢᠬᠤ ᠦᠶ᠎ᠡ ᠳᠦ ᠲᠢᠭᠷᠠᠨ᠋ᠧᠰ ᠬᠠᠭᠠᠨ ᠵᠡᠭᠦᠨ ᠲᠡᠰᠢ ᠥᠪᠡᠷ ᠦᠨ ᠭᠠᠵᠠᠷ ᠨᠤᠲᠤᠭ ᠢ ᠲᠡᠯᠡᠵᠦ᠂ ᠥᠪᠡᠷ ᠢ ᠪᠡᠨ ᠬᠦᠯᠢᠶᠡᠨ ᠵᠥᠪᠰᠢᠶᠡᠷᠡᠭᠦᠯᠦᠭᠰᠡᠨ ᠪᠠᠶᠢᠨ᠎ᠠ᠃

ᠮᠢᠲ᠋ᠸᠷᠢᠳᠠᠲ ᠲᠤ ᠲᠦᠰᠢᠭᠯᠡᠭᠰᠡᠨ ᠡᠯᠯᠢᠨ ᠦ ᠤᠯᠤᠰ ᠤᠳ ᠪᠠᠷᠠᠭᠤᠨ ᠵᠦᠭ ᠲᠤ᠂ ᠧᠦ᠋ᠷᠣᠫᠠ ᠳᠤ ᠮᠠᠰᠢ ᠪᠠᠲᠤ ᠪᠥᠬᠡ ᠰᠠᠭᠤᠷᠢ ᠲᠠᠢ ᠪᠣᠯᠤᠭᠰᠠᠨ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠍ ᠲᠠᠢ ᠲᠡᠮᠡᠴᠡᠯᠳᠦᠵᠦ ᠪᠠᠶᠢᠭᠰᠠᠨ ᠴᠠᠭ ᠠᠵᠢ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 88ᠤᠨ ᠤ ᠬᠠᠪᠤᠷ ᠫᠣᠨᠲ ᠶᠢᠨ ᠮᠢᠲ᠋ᠸᠷᠢᠳᠠᠲ ᠬᠠᠭᠠᠨ ᠷᠤᠮᠠᠨᠢᠶ ᠠ ᠡᠵᠡᠮᠰᠢᠯ ᠦᠨ ᠠᠽᠢᠶ᠎ᠠ ᠲᠢᠪ ᠲᠦ ᠨᠡᠪᠲᠡᠷᠡᠵᠦ᠂ ᠹᠢᠸᠢᠨᠢᠺᠠᠫᠫᠠᠳᠣᠺᠢ ᠮᠤᠵᠢ ᠤᠳ ᠢ ᠡᠵᠡᠯᠡᠵᠦ ᠲᠡᠨᠳᠡ ᠠᠮᠢᠳᠤᠷᠠᠨ ᠰᠠᠭᠤᠳᠠᠭ 8 ᠲᠦᠮᠡ ᠭᠠᠷᠤᠢ ᠷᠤᠮᠠᠨᠢᠶ ᠠ ᠢᠷᠭᠡᠳ ᠢ ᠬᠢᠳᠤᠭᠰᠠᠨ ᠪᠠᠶᠢᠨ᠎ᠠ᠃ ᠬᠠᠷᠢᠨ ᠷᠤᠮᠠᠨᠢᠶ ᠠ ᠠᠰᠤᠷᠤ ᠶᠡᠬᠡ ᠲᠠᠲᠠᠪᠤᠷᠢ ᠶᠢᠨ ᠳᠠᠷᠤᠯᠲᠠ ᠳᠤ ᠳᠤᠷ ᠠ ᠦᠭᠡᠶᠢᠴᠡᠳᠡᠭ ᠨᠤᠲᠤᠭ ᠤᠨ ᠤᠤᠭᠠᠯ ᠣᠷᠣᠰᠢᠨ ᠰᠠᠭᠤᠭᠴᠢᠳ ᠲᠡᠭᠦᠨ ᠢ ᠴᠢᠯᠦᠭᠡᠯᠡᠭᠴᠢ ᠭᠡᠵᠦ ᠲᠠᠯᠠᠷᠬᠠᠯ ᠲᠠᠢ ᠤᠭᠲᠤᠵᠠᠢ᠃

ᠡᠨᠡ ᠪᠠᠶᠢᠳᠠᠯ ᠨᠢ ᠷᠣᠮᠠᠴᠤᠳ ᠤᠨ ᠳᠤᠷ ᠠ ᠦᠭᠡᠶᠢᠴᠡᠯ ᠢ ᠲᠥᠷᠦᠭᠦᠯᠵᠦ᠂ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠡᠴᠡ ᠫᠣᠨᠲ ᠤᠨ ᠡᠰᠡᠷᠬᠦ ᠳᠠᠶᠢᠨ ᠵᠠᠷᠯᠠᠬᠤ ᠪᠠᠷ ᠰᠢᠢᠳᠴᠦ᠂ ᠵᠠᠬᠢᠷᠤᠭᠴᠢ ᠰᠤᠯᠠᠯ ᠢᠶᠠᠷ ᠤᠳᠤᠷᠢᠳᠤᠭᠤᠯᠤᠭᠰᠠᠨ ᠴᠡᠷᠢᠭ ᠢ ᠮᠢᠲ᠋ᠸᠷᠢᠳᠠᠲ ᠲᠠᠢ ᠪᠠᠶᠢᠯᠳᠤᠭᠤᠯᠬᠤ ᠪᠠᠷ ᠰᠢᠢᠳᠡᠭᠰᠡᠨ ᠪᠠᠶᠢᠨ᠎ᠠ᠃

==ᠫᠠᠷᠹ ᠦᠨ ᠡᠵᠡᠨᠲᠦ ᠤᠯᠤᠰ ᠤᠨ ᠡᠰᠡᠷᠬᠦ==  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 88 ᠤᠨ ᠳᠤ ᠫᠠᠷᠹ ᠦᠨ ᠡᠵᠡᠨᠲᠦ ᠤᠯᠤᠰ ᠤᠨ ᠬᠠᠭᠠᠨ ᠮᠢᠲ᠋ᠸᠷᠢᠳᠠᠲ II ᠨᠠᠰᠤ ᠪᠠᠷᠠᠵᠤ᠂ ᠰᠺᠢᠹ ᠤᠨ ᠳᠣᠪᠲᠣᠯᠭ᠎ᠠ᠂ ᠳᠣᠲᠣᠭᠠᠳᠤ ᠶᠢᠨ ᠬᠠᠭᠠᠷᠠᠯ ᠲᠠᠢ ᠪᠠᠶᠢᠳᠠᠯ ᠠᠴᠠ ᠪᠣᠯᠵᠤ ᠮᠠᠰᠢ ᠰᠤᠯᠠᠷᠠᠭᠰᠠᠨ ᠢ ᠠᠵᠢᠭᠯᠠᠨ᠂ ᠲᠢᠭᠷᠠᠨ᠋ᠧᠰ ᠬᠠᠭᠠᠨ ᠳᠠᠪᠠᠭᠤ ᠲᠠᠯ᠎ᠠ ᠪᠠᠨ ᠠᠰᠢᠭᠯᠠᠨ ᠫᠠᠷᠹ ᠢ ᠥᠪᠡᠷᠲᠡᠭᠡᠨ ᠨᠢᠭᠡᠳᠬᠡᠭᠰᠡᠨ ᠪᠠᠶᠢᠨ᠎ᠠ᠃

"ᠲᠡᠷᠡ ᠬᠦᠴᠦ ᠶᠢ ᠣᠯᠵᠤ᠂ "ᠳᠠᠯᠠᠨ ᠨᠤᠭᠤ" ᠍ ᠪᠠᠨ ᠪᠤᠴᠠᠭᠠᠨ ᠠᠪᠴᠤ᠂ ᠫᠠᠷᠹ ᠦᠨ ᠨᠤᠲᠤᠭ ᠨᠠᠨᠢᠰ᠂ ᠠᠷᠪᠶᠤᠸᠠᠯ ᠮᠤᠵᠢ ᠶᠢ ᠡᠪᠳᠡᠯᠡᠨ ᠰᠦᠢᠳᠬᠡᠵᠡᠢ᠃ ᠲᠡᠷᠡ ᠠᠲ᠋ᠣᠫᠠᠨᠢᠶᠠᠨ ᠨᠤᠭᠤᠳ (ᠥᠨᠥ ᠶᠢᠨ ᠠᠽᠧᠷᠪᠠᠶᠢᠵᠠᠨ)᠂ ᠳᠡᠭᠡᠳᠦ ᠲᠢᠭᠷ ᠢ ᠪᠠᠶᠢᠯᠳᠤᠨ ᠳᠠᠭᠠᠭᠤᠯᠵᠤ᠂ ᠧᠦᠹᠷᠠᠲ ᠮᠥᠷᠡᠨ ᠢ ᠭᠠᠲᠤᠯᠤᠨ ᠹᠢᠨᠢᠺ(腓尼基)᠂ ᠰᠢᠷᠢᠢ ᠠ ᠶᠢ ᠡᠷᠬᠡᠰᠢᠶᠡᠨ ᠮᠧᠰᠣᠫᠣᠲ᠋ᠠᠮᠢ ᠶᠢᠨ ᠪᠦᠬᠦ ᠡᠳ᠋ ᠪᠠᠶᠠᠯᠢᠭ ᠤᠨ ᠡᠵᠡᠨ ᠪᠣᠯᠤᠭᠰᠠᠨ ᠪᠠᠶᠢᠨ᠎ᠠ" ᠰᠲᠷᠠᠪᠣ, (XI.xiv.16)

ᠰᠢᠷᠢᠢ ᠠ ᠳ᠋ᠡᠬᠢ ᠰᠧᠯᠧᠸᠰᠢᠳ ᠦᠨ ᠤᠯᠤᠰ ᠢ ᠪᠠᠶᠢᠯᠳᠤᠨ ᠳᠠᠭᠠᠭᠤᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠲᠢᠭᠷᠠᠨ᠋ᠧᠰ ᠦᠨ ᠡᠵᠡᠨᠲᠦ ᠭᠦᠷᠦᠨ

 ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 83ᠤᠨ ᠳᠤ ᠰᠢᠷᠢᠢ ᠠ ᠶᠢᠨ ᠨᠤᠲᠤᠭ ᠲᠤ ᠣᠷᠣᠰᠢᠨ ᠪᠠᠶᠢᠭᠰᠠᠨ ᠰᠧᠯᠧᠸᠰᠢᠳ ᠦᠨ ᠤᠯᠤᠰ ᠤᠨ ᠬᠠᠭᠠᠨ ᠤᠭᠰᠠᠭᠠᠨ ᠤ ᠳᠤᠮᠳᠠ ᠬᠠᠭᠠᠷᠠᠯ ᠭᠠᠷᠴᠤ᠂ ᠴᠢᠰᠤᠲᠤ ᠳᠠᠶᠢᠨ ᠳᠡᠭᠳᠡᠵᠡᠢ᠃ ᠰᠢᠷᠢᠶᠠᠴᠦᠳ ᠡᠴᠦᠰ ᠲᠦ ᠪᠠᠨ ᠥᠪᠡᠷᠰᠡᠳ ᠦᠨ ᠬᠠᠮᠠᠭᠠᠯᠠᠭᠴᠢ ᠪᠣᠯᠬᠤ ᠶᠢ ᠲᠢᠭᠷᠠᠨ᠋ᠧᠰ ᠬᠠᠭᠠᠨ ᠠᠴᠠ ᠬᠦᠰᠡᠴᠦ᠂ ᠬᠠᠭᠠᠨ ᠤ ᠲᠢᠲᠢᠮ ᠢᠶᠡᠨ ᠲᠡᠭᠦᠨ ᠳᠦ ᠥᠭᠴᠡᠢ᠃ ᠲᠢᠭᠷᠠᠨ᠋ᠧᠰ ᠬᠠᠭᠠᠨ ᠡᠨᠡ ᠶᠠᠪᠤᠳᠠᠯ ᠤᠨ ᠳᠠᠷᠠᠭ᠎ᠠ ᠰᠧᠯᠧᠸᠰᠢᠳ ᠦᠨ ᠡᠵᠡᠨᠲᠦ ᠤᠯᠤᠰ ᠤᠨ ᠰᠡᠭᠦᠯᠴᠢ ᠶᠢᠨ ᠬᠠᠭᠠᠨ ᠰᠧᠯᠧᠸᠺᠦ᠋ᠰ VII ᠹᠢᠯᠣᠮᠧᠲ᠋ᠣᠷ ᠤᠨ ᠲᠤᠯᠭᠠᠭᠤᠷᠢ ᠪᠣᠯᠵᠤ ᠪᠠᠶᠢᠭᠰᠠᠨ ᠹᠢᠨᠢᠺ ᠪᠣᠯᠤᠨ ᠺᠢᠯᠢᠺ ᠤᠨ ᠨᠤᠲᠤᠭ ᠤᠨ ᠬᠣᠲᠠ ᠨᠤᠭᠤᠳ ᠢ ᠳᠠᠷᠠᠭᠠᠯᠠᠨ ᠪᠠᠶᠢᠯᠳᠤᠨ ᠳᠠᠭᠠᠭᠤᠯᠤᠭᠰᠠᠨ ᠢᠶᠠᠷ ᠡᠮᠦᠨᠡᠲᠦ ᠬᠢᠯᠢ ᠨᠢ ᠥᠨᠥ ᠶᠢᠨ ᠠᠺᠺᠣ ᠣᠷᠴᠢᠮ ᠤᠨ ᠨᠤᠲᠤᠭ ᠬᠦᠷᠦᠭᠰᠡᠨ ᠪᠠᠶᠢᠨ᠎ᠠ᠃ ᠪᠠᠶᠢᠯᠳᠤᠨ ᠳᠠᠭᠠᠭᠤᠯᠤᠭᠰᠠᠨ ᠬᠣᠲᠠ ᠨᠤᠭᠤᠳ ᠤᠨ ᠢᠷᠭᠡᠳ ᠡᠴᠡ ᠮᠠᠰᠢ ᠣᠯᠠᠨ ᠢ ᠥᠪᠡᠷ ᠦᠨ ᠰᠢᠨ᠎ᠡ ᠪᠡᠷ ᠪᠠᠶᠢᠭᠤᠯᠤᠭᠰᠠᠨ ᠨᠡᠶᠢᠰᠯᠡᠯ ᠬᠣᠲᠠ ᠪᠣᠯᠬᠤ ᠲᠢᠭᠠᠷᠨᠠᠺᠧᠷᠲᠦ ᠳᠤ ᠰᠠᠭᠤᠷᠢᠰᠢᠭᠤᠯᠤᠭᠰᠠᠨ ᠪᠠᠶᠢᠨ᠎ᠠ᠃ ᠲᠡᠭᠦᠨ ᠦ ᠡᠵᠡᠨᠲᠦ ᠤᠯᠤᠰ ᠫᠣᠨᠲ ᠤᠨ ᠠᠯᠫ ᠠᠴᠠ ᠮᠧᠰᠣᠫᠣᠲ᠋ᠠᠮᠢ ᠬᠦᠷᠲᠡᠯ᠎ᠡ ᠠᠭᠤᠳᠠᠮ᠂ ᠭᠠᠵᠠᠷ ᠤᠨ ᠳᠤᠮᠳᠠᠳᠤ ᠲᠡᠩᠭᠢᠰ ᠡᠴᠡ ᠺᠠᠰᠫᠢ ᠲᠡᠩᠭᠢᠰ ᠬᠦᠷᠲᠡᠯ᠎ᠡ ᠥᠷᠭᠡᠨ ᠨᠤᠲᠤᠭ ᠳᠡᠪᠢᠰᠬᠡᠷ ᠢ ᠬᠠᠮᠤᠷᠤᠨ ᠤᠷᠤᠰᠢᠬᠤ ᠪᠣᠯᠵᠠᠢ᠃ ᠲᠢᠭᠷᠠᠨ᠋ᠧᠰ ᠬᠠᠭᠠᠨ ᠢ ᠡᠨᠡ ᠦᠶᠡᠰ ᠶᠡᠬᠡ ᠲᠢᠭᠷᠠᠨ᠋ᠧᠰ ᠡᠰᠡᠪᠡᠯ ᠬᠠᠭᠠᠳ ᠤᠨ ᠬᠠᠭᠠᠨ ᠬᠡᠮᠡᠨ ᠨᠡᠷᠡᠯᠡᠬᠦ ᠪᠣᠯᠵᠠᠢ᠃

ᠫᠯᠤᠲᠤᠷᠬ᠎ᠠ ᠶᠢᠨ ᠲᠡᠮᠳᠡᠭᠯᠡᠯ ᠳᠦ ᠶᠡᠬᠡ ᠲᠢᠭᠷᠠᠨ᠋ᠧᠰ ᠬᠡᠮᠡᠨ ᠪᠢᠴᠢᠭᠳᠡᠭᠰᠡᠨ ᠪᠠᠶᠢᠳᠠᠭ ᠠᠴᠠ ᠦᠨᠳᠦᠰᠦᠯᠡᠨ ᠥᠷᠥᠨᠡᠳᠠᠬᠢᠨ ᠢᠶᠠᠷ ᠶᠡᠬᠡ ᠬᠡᠮᠡᠨ ᠨᠡᠷᠡᠯᠡᠭᠳᠡᠬᠦ ᠪᠣᠯᠵᠠᠢ᠃ ᠬᠠᠷᠢᠨ ᠠᠷᠮᠧᠨ ᠤ ᠬᠠᠭᠠᠨᠲᠤ ᠤᠯᠤᠰ ᠤᠨ ᠳᠣᠷᠣᠨ᠎ᠠ ᠵᠦᠭ ᠲᠤ ᠤᠷᠤᠰᠢᠬᠤ ᠤᠯᠤᠰ ᠤᠳ ᠲᠤ ᠬᠠᠭᠠᠳ ᠤᠨ ᠬᠠᠭᠠᠨ ᠭᠡᠵᠦ ᠨᠡᠷᠡᠯᠡᠳᠡᠭ ᠪᠠᠶᠢᠭᠰᠠᠨ ᠪᠠᠶᠢᠨ᠎ᠠ᠃

ᠠᠯᠳᠠᠷᠲᠤ ᠤᠷᠠᠨ ᠢᠯᠡᠳᠬᠡᠭᠴᠢ ᠴᠢᠽᠧᠷᠣᠨ ᠳᠣᠷᠣᠨ᠎ᠠ ᠵᠦᠭ ᠲᠤ ᠪᠤᠢ ᠪᠣᠯᠤᠭᠰᠠᠨ ᠤᠯᠤᠰ ᠤᠨ ᠲᠠᠯ᠎ᠠ ᠪᠠᠷ ᠬᠡᠯᠡᠬᠦ ᠳᠦ ᠪᠡᠨ: "…ᠲᠡᠷᠡ ᠥᠪᠡᠷ ᠦᠨ ᠬᠦᠴᠦᠷᠬᠡᠭ ᠵᠡᠪᠰᠡᠭ ᠦᠨ ᠢᠶᠡᠨ ᠡᠮᠦᠨ᠎ᠡ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠍ ᠢ ᠳᠠᠭᠵᠢᠨ ᠴᠡᠴᠡᠷᠡᠭᠦᠯᠵᠦ ᠪᠠᠶᠢᠨ᠎ᠠ…" ᠭᠡᠰᠡᠨ ᠪᠠᠶᠢᠳᠠᠭ᠃  ᠶᠡᠬᠡ ᠲᠢᠭᠷᠠᠨ᠋ᠧᠰ ᠠᠴᠠ ᠡᠮᠦᠨᠡᠬᠢ ᠠᠷᠮᠧᠨ ᠤ ᠬᠠᠭᠠᠳ ᠵᠣᠭᠣᠰ ᠴᠢᠳᠬᠤᠭᠤᠯᠵᠤ ᠭᠦᠢᠯᠭᠡᠭᠡᠨ ᠳᠦ ᠬᠡᠷᠡᠭᠯᠡᠵᠦ ᠪᠠᠶᠢᠭ᠎ᠠ ᠦᠭᠡᠢ ᠪᠣᠯ ᠲᠡᠷᠡ ᠪᠡᠷ ᠥᠪᠡᠷ ᠦᠨ ᠨᠡᠷ᠎ᠡ ᠪᠡᠷ ᠨᠡᠷᠡᠯᠡᠭᠳᠡᠭᠰᠡᠨ ᠵᠣᠭᠣᠰ ᠢ ᠤᠯᠤᠰ ᠣᠷᠣᠨ ᠳᠤ ᠪᠠᠨ ᠬᠡᠷᠡᠭᠯᠡᠭᠦᠯᠳᠡᠭ ᠪᠠᠶᠢᠪᠠ᠃ ᠤᠭ ᠵᠣᠭᠣᠰ ᠨᠢ ᠰᠧᠯᠧᠸᠰᠢᠳ ᠦᠨ ᠵᠣᠭᠣᠰ ᠲᠠᠢ ᠢᠵᠢᠯ ᠬᠡᠯᠪᠡᠷᠢᠲᠡᠢ ᠪᠠᠶᠢᠭᠰᠠᠨ ᠪᠥᠭᠡᠳ ᠲᠡᠭᠦᠨ ᠦ ᠵᠠᠰᠠᠭᠯᠠᠯ ᠤᠨ ᠦᠶ᠎ᠡ ᠳᠦ ᠪᠤᠶᠤ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 83-69 ᠤᠨ ᠤ ᠬᠣᠭᠣᠷᠣᠨᠳᠣ ᠰᠢᠷ ᠦᠨ ᠳᠠᠮᠤᠰᠺᠠᠨᠲ᠋ᠢᠬᠤ ᠲᠤ ᠴᠢᠳᠬᠤᠭᠤᠯᠵᠤ ᠬᠡᠷᠡᠭᠯᠡᠵᠦ ᠪᠠᠶᠢᠵᠠᠢ᠃ ᠵᠣᠭᠣᠰᠤᠨ ᠳᠡᠭᠡᠷ᠎ᠡ ᠴᠢᠬᠢᠪᠴᠢ ᠲᠡᠢ ᠲᠢᠲᠢᠮ ᠡᠮᠦᠰᠦᠭᠰᠡᠨ ᠲᠢᠭᠷᠠᠨ᠋ᠧᠰ ᠬᠠᠭᠠᠨ ᠤ ᠳᠦᠷᠰᠦ ᠶᠢ ᠤᠷᠠᠯᠠᠭᠰᠠᠨ ᠪᠠᠶᠢᠳᠠᠭ ᠪᠠ ᠵᠡᠰ ᠦᠨ ᠣᠷᠣᠴᠠ ᠲᠠᠢ ᠮᠥᠩᠭᠥ ᠪᠡᠷ ᠤᠷᠠᠯᠠᠳᠠᠭ ᠪᠠᠶᠢᠭᠰᠠᠨ ᠨᠢ ᠥᠨᠥ ᠦᠶ᠎ᠡ ᠳᠦ ᠬᠠᠳᠠᠭᠠᠯᠠᠭᠳᠠᠨ ᠢᠷᠡᠵᠡᠢ᠃ ᠮᠥᠨ ᠠᠯᠲᠠᠨ ᠵᠣᠭᠣᠰ ᠪᠠᠶᠢᠭᠰᠠᠨ ᠲᠠᠯ᠎ᠠ ᠪᠠᠷ ᠮᠡᠳᠡᠭᠡ ᠪᠠᠶᠢᠳᠠᠭ᠃

ᠷᠤᠮᠠᠨᠢᠶ ᠠ ᠶᠢᠨ ᠡᠰᠡᠷᠬᠦ ᠳᠠᠶᠢᠲᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠢᠲ᠋ᠸᠷᠢᠳᠠᠲ ᠤᠳᠠᠭᠠᠨ ᠲᠤᠯᠤᠯᠳᠤᠭᠰᠠᠨ ᠤ ᠡᠴᠦᠰ ᠲᠦ ᠷᠤᠮᠠᠨᠢᠶ ᠠ ᠪᠦᠭᠦᠳᠡ ᠨᠠᠶᠢᠷᠠᠮᠳᠠᠬᠤ ᠤᠯᠤᠰ ᠍ᠳᠦ ᠢᠯᠠᠭᠳᠠᠨ᠂ ᠥᠪᠡᠷ ᠦᠨ ᠬᠦᠷᠭᠡᠨ ᠶᠡᠬᠡ ᠲᠢᠭᠷᠠᠨ᠋ᠧᠰ ᠤᠨ ᠤᠯᠤᠰ ᠲᠤ ᠬᠦᠷᠦᠯᠴᠡᠨ ᠢᠷᠡᠵᠡᠢ᠃ ᠢᠩᠭᠢᠵᠦ ᠬᠠᠭᠠᠳ ᠤᠨ ᠬᠠᠭᠠᠨ ᠮᠠᠨᠢ ᠬᠠᠮᠤᠭ ᠤᠨ ᠬᠦᠴᠦᠷᠬᠡᠭ ᠳᠠᠶᠢᠰᠤᠨ ᠷᠤᠮᠠ ᠲᠠᠢ ᠪᠠᠨ ᠨᠢᠭᠤᠷ ᠲᠤᠯᠤᠨ᠂ ᠬᠢᠯᠢ ᠵᠠᠯᠭᠠᠬᠤ ᠪᠣᠯᠤᠭᠰᠠᠨ ᠪᠠᠶᠢᠨ᠎ᠠ᠃ ᠷᠤᠮᠠᠨᠢᠶ ᠠ ᠶᠢᠨ ᠵᠠᠬᠢᠷᠤᠭᠴᠢ ᠯᠤᠤᠶᠠᠯᠠᠯ ᠠᠷᠮᠧᠨ ᠠᠴᠠ ᠮᠢᠲ᠋ᠸᠷᠢᠳᠠᠲ ᠢ ᠭᠠᠷᠭᠠᠵᠤ ᠥᠭᠬᠦ ᠶᠢ ᠲᠢᠭᠷᠠᠨ᠋ᠧᠰ ᠠᠴᠠ ᠱᠠᠭᠠᠷᠳᠠᠬᠤ ᠳᠤ ᠬᠠᠷᠢᠭᠤ ᠳᠦ ᠨᠢ《ᠪᠣᠯᠤᠮᠵᠢ ᠦᠭᠡᠢ》ᠭᠡᠰᠡᠨ ᠪᠠᠶᠢᠭᠰᠠᠨ ᠭᠡᠳᠡᠭ᠃ ᠷᠣᠯᠯᠢᠩᠰ ᠤᠨ《ᠡᠷᠲᠡᠨ ᠦ ᠲᠡᠦᠬᠡ》ᠨᠣᠮ ᠳᠤ:

《... ᠬᠠᠭᠠᠨ ᠲᠢᠭᠷᠠᠨ᠋ᠧᠰ᠂ ᠺᠣᠨᠰᠤᠶᠢᠯ ᠯᠤᠺᠦᠶᠢᠯ ᠤᠨ ᠶᠠᠪᠤᠭᠤᠯᠤᠭᠰᠠᠨ ᠡᠯᠴᠢ ᠳᠦ ᠥᠪᠡᠷ ᠦᠨ ᠡᠵᠡᠨᠲᠦ ᠤᠯᠤᠰ ᠤᠨ ᠬᠡᠷ ᠬᠦᠴᠦᠷᠬᠡᠭ ᠪᠣᠯᠬᠤ ᠶᠢ᠂ ᠨᠤᠲᠤᠭ ᠳᠡᠪᠢᠰᠬᠡᠷ ᠦᠨ ᠢᠶᠡᠨ ᠥᠷᠭᠡᠵᠢᠨ ᠲᠡᠯᠡᠵᠦ ᠪᠠᠶᠢᠭ᠎ᠠ ᠶᠢ ᠬᠡᠳᠦᠬᠡᠨ ᠵᠢᠱᠢᠶ ᠡ ᠳᠡᠭᠡᠷ᠎ᠡ ᠬᠠᠷᠠᠭᠤᠯᠵᠤ᠂ ᠨᠠᠮᠠᠢ《ᠬᠠᠭᠠᠳ ᠤᠨ ᠬᠠᠭᠠᠨ》ᠭᠡᠳᠡᠭ ᠭᠡᠵᠡᠢ᠃ ᠶᠡᠬᠡ ᠰᠧᠯᠧᠸᠺ ᠤᠨ ᠤᠭᠰᠠᠭᠠᠨ ᠤ ᠬᠠᠭᠠᠳ ᠥᠪᠡᠷ ᠦᠨ ᠬᠢᠨᠢ ᠡᠮᠦᠨ᠎ᠡ ᠡᠪᠦᠳᠦᠭ ᠰᠥᠬᠦᠷᠡᠵᠦ᠂ ᠰᠢᠷᠢᠢ ᠠ ᠪᠠ ᠫᠠᠯᠧᠰᠲ᠋ᠠᠨ ᠢ ᠪᠠᠶᠢᠯᠳᠤᠨ ᠳᠠᠭᠠᠭᠤᠯᠵᠤ᠂ ᠠᠷᠠᠪ ᠦᠳ ᠲᠡᠭᠦᠨ ᠦ ᠬᠠᠤᠯᠢ ᠪᠠᠷ ᠠᠮᠢᠳᠤᠷᠠᠵᠤ ᠪᠠᠶᠢᠭᠰᠠᠨ ᠤᠴᠢᠷ ᠠᠴᠠ ᠠᠽᠢᠶ᠎ᠠ ᠶᠢᠨ ᠬᠠᠭᠠᠨ᠂ ᠬᠠᠭᠠᠳ ᠤᠨ ᠬᠠᠭᠠᠨ ᠭᠡᠬᠦ ᠬᠦᠨᠳᠦᠯᠡᠯ ᠢ ᠬᠦᠯᠢᠶᠡᠭᠰᠡᠨ ᠪᠠᠶᠢᠨ᠎ᠠ᠃ ᠳᠣᠷᠣᠨ᠎ᠠ ᠵᠦᠭ ᠦᠨ ᠪᠦᠬᠦ ᠬᠦᠮᠦᠨ ᠲᠡᠭᠦᠨ ᠢ ᠬᠦᠨᠳᠦᠯᠡᠵᠦ᠂ ᠲᠡᠭᠦᠨ ᠳᠦ ᠵᠠᠬᠢᠷᠤᠭᠳᠠᠳᠠᠭ ᠪᠠᠶᠢᠯ᠎ᠠ᠃..》

ᠭᠡᠰᠡᠨ ᠪᠠᠶᠢᠳᠠᠭ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 69 ᠤᠨ ᠤ 10 ᠰᠠᠷ᠎ᠠ ᠶᠢᠨ 6 ᠍ ᠳᠦ ᠶᠡᠬᠡ ᠲᠢᠭᠷᠠᠨ᠋ᠧᠰ ᠤᠨ ᠴᠡᠷᠢᠭ ᠯᠤᠺᠤᠯᠤᠯᠭ᠎ᠠ ᠶᠢᠨ ᠯᠧᠭᠢᠨ ᠦᠳ ᠲᠤ ᠢᠯᠠᠭᠳᠠᠭᠰᠠᠨ ᠪᠠᠶᠢᠨ᠎ᠠ᠃ ᠷᠣᠮᠠᠴᠤᠳ ᠢᠯᠠᠯᠲᠠᠨ ᠳᠤ ᠪᠠᠨ ᠡᠷᠳᠡᠶᠢᠵᠦ᠂ ᠨᠡᠶᠢᠰᠯᠡᠯ ᠲᠢᠭᠠᠷᠨᠠᠺᠧᠷᠲᠦ ᠬᠣᠲᠠ ᠤᠷᠤᠭᠤ ᠳᠠᠪᠰᠢᠭᠰᠠᠨ ᠪᠠᠶᠢᠨ᠎ᠠ᠃ ᠲᠢᠭᠠᠷᠨᠠᠺᠧᠷᠲᠦ ᠬᠣᠲᠠ ᠶᠢᠨ ᠠᠷᠮᠠᠢ ᠪᠢᠰᠢ ᠬᠠᠮᠠᠭᠠᠯᠠᠭᠴᠢᠳ ᠲᠢᠭᠷᠠᠨ᠋ᠧᠰ ᠡᠴᠡ ᠤᠷᠪᠠᠨ ᠬᠣᠲᠠ ᠶᠢᠨ ᠬᠠᠭᠠᠯᠭ᠎ᠠ ᠶᠢ ᠷᠣᠮᠠᠴᠤᠳ ᠲᠤ ᠨᠡᠭᠡᠭᠡᠵᠦ ᠥᠭᠭᠦᠭᠰᠡᠨ ᠪᠠᠶᠢᠨ᠎ᠠ᠃ ᠡᠨᠡ ᠤᠷᠪᠠᠯᠲᠠ ᠶᠢ ᠲᠡᠷᠡ ᠳᠣᠣᠷ᠎ᠠ ᠨᠢ ᠮᠡᠳᠡᠭᠰᠡᠨ ᠲᠢᠭᠷᠠᠨ᠋ᠧᠰ ᠨᠡᠶᠢᠰᠯᠡᠯ ᠳᠦ ᠪᠤᠢ ᠡᠬᠡᠨᠡᠷ ᠦᠳ᠂ ᠡᠳ᠋ ᠪᠠᠶᠠᠯᠢᠭ ᠢᠶᠠᠨ ᠬᠠᠮᠠᠭᠠᠯᠠᠭᠤᠯᠬᠤ ᠪᠠᠷ ᠶᠠᠭᠠᠷᠠᠨ ᠣᠴᠢᠬᠤ ᠳᠤ᠂ ᠯᠤᠤᠶᠠᠯᠠᠯ 6000 ᠮᠣᠷᠢᠲᠠᠨ ᠴᠡᠷᠢᠭ ᠢᠶᠡᠷ ᠠᠷᠤ ᠲᠠᠯ᠎ᠠ ᠠᠴᠠ ᠨᠢ ᠭᠡᠨᠡᠳᠲᠡ ᠶᠢᠨ ᠳᠠᠭᠠᠷᠢᠯᠲᠠ ᠬᠢᠵᠦ ᠪᠤᠲᠠ ᠨᠢᠷᠭᠡᠭᠰᠡᠨ ᠦ ᠳᠠᠷᠠᠭ᠎ᠠ ᠶᠠᠪᠠᠭᠠᠨ ᠴᠡᠷᠢᠭ ᠤᠷᠤᠭᠤ ᠨᠢ ᠤᠤᠬᠠᠶᠢᠯᠠᠨ ᠳᠠᠭᠠᠷᠢᠵᠤ ᠬᠦᠴᠦ ᠬᠣᠯᠠ ᠳᠠᠪᠠᠭᠤ ᠴᠡᠷᠢᠭ ᠢ ᠨᠢ ᠤᠬᠤᠷᠢᠭᠠᠴᠠᠢ᠃

ᠳᠠᠷᠠᠭ᠎ᠠ ᠵᠢᠯ ᠨᠢ ᠪᠤᠶᠤ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 68 ᠤᠨ ᠳᠤ ᠯᠤᠤᠶᠠᠯᠠᠯ ᠠᠷᠮᠸᠨ ᠦ ᠬᠠᠭᠤᠴᠢᠨ ᠨᠡᠶᠢᠰᠯᠡᠯ ᠠᠷᠲ᠋ᠠᠺᠰᠠᠲ ᠬᠣᠲᠠ ᠤᠷᠤᠭᠤ ᠳᠠᠭᠠᠷᠢᠭᠰᠠᠨ ᠴᠤ ᠲᠢᠭᠷᠠᠨ᠋ᠧᠰ᠂ ᠮᠢᠲ᠋ᠸᠷᠢᠳᠠᠲ ᠤᠨ ᠬᠠᠮᠲᠤᠷᠠᠭᠰᠠᠨ ᠠᠷᠮᠢ᠂ ᠫᠣᠨᠲ ᠶᠢᠨ 7 ᠲᠦᠮᠡᠨ ᠴᠡᠷᠢᠭ ᠲᠦ ᠢᠯᠠᠭᠳᠠᠨ ᠬᠦᠨᠳᠦ ᠬᠣᠬᠢᠷᠠᠯ ᠦᠵᠡᠵᠦ ᠤᠬᠤᠷᠢᠭᠰᠠᠨ ᠪᠠᠶᠢᠨ᠎ᠠ᠃ ᠷᠣᠮᠠᠴᠤᠳ ᠠᠷᠮᠸᠨ ᠤ ᠠᠭᠤᠯᠠᠷᠬᠠᠭ ᠨᠤᠲᠤᠭ ᠲᠤ ᠠᠮᠵᠢᠯᠲᠠ ᠲᠠᠢ ᠪᠠᠶᠢᠯᠳᠤᠵᠤ ᠴᠢᠳᠠᠬᠤ ᠦᠭᠡᠢ ᠪᠡᠨ ᠮᠡᠳᠡᠭᠡᠳ ᠡᠮᠦᠨ᠎ᠡ ᠵᠦᠭ ᠲᠤ ᠡᠷᠭᠢᠵᠦ᠂ ᠲᠢᠭᠷᠠᠨ᠋ᠧᠰ ᠤ ᠠᠬ᠎ᠠ ᠨᠢᠰᠢᠪᠢᠭ ᠤᠨ ᠡᠵᠡᠮᠰᠢᠯ ᠨᠤᠲᠤᠭ ᠢ ᠲᠣᠨᠣᠨ ᠳᠡᠭᠡᠷᠡᠮᠳᠡᠭᠰᠡᠨ ᠪᠠᠶᠢᠨ᠎ᠠ᠃ ᠯᠤᠤᠶᠠᠯᠠᠯ ᠬᠠᠭᠠᠨ ᠤ ᠤᠭᠰᠠᠭᠠᠨ ᠤ ᠬᠡᠨ ᠨᠢᠭᠡᠨ ᠢ ᠪᠠᠷᠢᠵᠤ ᠠᠪᠬᠤ ᠶᠢ ᠬᠢᠴᠢᠶᠡᠵᠦ ᠪᠠᠶᠢᠭᠰᠠᠨ ᠴᠤ ᠨᠢᠭᠡ ᠶᠢ ᠨᠢ ᠴᠤ ᠪᠠᠷᠢᠵᠤ ᠴᠢᠳᠠᠭ᠎ᠠ ᠦᠭᠡᠢ ᠪᠠᠶᠢᠨ᠎ᠠ᠃ ᠯᠤᠤᠶᠠᠯᠠᠯ ᠡᠮᠦᠨᠡᠲᠦ ᠨᠤᠲᠤᠭ ᠲᠤ ᠠᠶᠠᠯᠠᠵᠤ ᠶᠠᠪᠤᠬᠤ ᠳᠤ ᠨᠢ ᠲᠢᠭᠷᠠᠨ᠋ᠧᠰ᠂ ᠬᠠᠳᠠᠮ ᠡᠴᠢᠭᠡ ᠮᠢᠲ᠋ᠸᠷᠢᠳᠠᠲ ᠤᠨ ᠬᠠᠮᠲᠤ ᠠᠷᠤ ᠠᠴᠠ ᠨᠢ ᠮᠥᠰᠬᠢᠨ ᠬᠥᠭᠡᠭᠡᠨ᠂ ᠤᠯᠠᠮ ᠢᠶᠠᠷ ᠪᠤᠲᠠ ᠨᠢᠷᠭᠡᠵᠦ ᠫᠣᠨᠲ᠂ ᠠᠷᠮᠸᠨ ᠤᠯᠤᠰ ᠤᠳ ᠤᠨ ᠬᠠᠭᠤᠴᠢᠨ ᠨᠤᠲᠤᠭ ᠢ ᠷᠣᠮᠠᠴᠤᠳ ᠠᠴᠠ ᠪᠤᠯᠢᠶᠠᠨ ᠠᠪᠴᠠᠢ᠃ ᠷᠣᠮᠠᠴᠤᠳ ᠪᠦᠲᠦᠯ ᠦᠭᠡᠶᠢᠲᠦᠭᠰᠡᠨ ᠯᠤᠺᠤᠯᠤᠯᠭ᠎ᠠ ᠶᠢ ᠡᠷᠭᠢᠭᠦᠯᠦᠨ ᠲᠠᠲᠠᠵᠤ ᠣᠷᠣᠨ ᠳᠤ ᠨᠢ ᠭᠠᠨᠧᠢ ᠫᠣᠮᠫᠧᠢ ᠶᠢ ᠠᠷᠮᠸᠨ ᠶᠢ ᠪᠠᠶᠢᠯᠳᠤᠨ ᠳᠠᠭᠠᠭᠤᠯᠤᠭᠤᠯᠬᠤ ᠪᠠᠷ ᠢᠯᠡᠭᠡᠭᠰᠡᠨ ᠪᠠᠶᠢᠨ᠎ᠠ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 66 ᠤᠨ ᠳᠤ ᠨᠢᠺᠣᠫᠣᠯᠢ ᠬᠣᠲᠠ ᠶᠢᠨ ᠣᠶᠢᠷᠠᠯᠴᠠᠭ᠎ᠠ ᠷᠣᠮᠠᠴᠤᠳ᠂ ᠲᠢᠭᠷᠠᠨ᠋ᠧᠰ ᠤ ᠬᠠᠳᠠᠮ ᠡᠴᠢᠭᠡ ᠮᠢᠲ᠋ᠸᠷᠢᠳᠠᠲ ᠬᠠᠭᠠᠨ ᠤ ᠬᠣᠭᠣᠷᠣᠨᠳᠣ ᠪᠣᠯᠤᠭᠰᠠᠨ ᠬᠣᠶᠠᠷᠳ᠋ᠡᠬᠢ ᠲᠣᠮᠣ ᠪᠠᠶᠢᠯᠳᠤᠭᠠᠨ ᠳᠤ ᠫᠣᠮᠫᠧᠢ ᠢᠯᠠᠯᠲᠠ ᠪᠠᠶᠢᠭᠤᠯᠵᠤ᠂ ᠮᠢᠲ᠋ᠸᠷᠢᠳᠠᠲ ᠠᠷᠮᠸᠡ ᠶᠢᠨ 8000 ᠣᠷᠴᠢᠮ ᠴᠡᠷᠢᠭ ᠲᠡᠢ ᠳᠠᠬᠢᠨ ᠬᠣᠷᠭᠣᠳᠠᠬᠤ ᠪᠠᠷ ᠢᠷᠡᠭᠰᠡᠨ ᠪᠠᠶᠢᠨ᠎ᠠ᠃ ᠲᠢᠭᠷᠠᠨ᠋ᠧᠰ ᠬᠠᠭᠠᠨ ᠡᠨᠡ ᠦᠶ᠎ᠡ ᠳᠦ ᠷᠣᠮᠠᠴᠤᠳ ᠢᠶᠠᠷ ᠳᠡᠮᠵᠢᠭᠦᠯᠦᠭᠰᠡᠨ ᠫᠠᠷᠹ ᠦᠨ ᠬᠠᠭᠠᠨ ᠢ ᠢᠯᠠᠵᠤ ᠬᠠᠭᠤᠴᠢᠨ ᠪᠦᠬᠦ ᠭᠠᠵᠠᠷ ᠨᠤᠲᠤᠭ ᠢᠶᠠᠨ ᠡᠷᠭᠢᠭᠦᠯᠦᠨ ᠠᠪᠤᠭᠠᠳ ᠪᠠᠶᠢᠪᠠ᠃

==ᠳᠤᠷᠤᠶᠢᠲᠠᠯ==   ᠶᠡᠬᠡ ᠲᠢᠭᠷᠠᠨ᠋ᠧᠰ ᠤᠨ ᠤᠯᠤᠰ ᠤᠷᠲᠤ ᠤᠳᠠᠭᠠᠨ ᠨᠠᠰᠤᠯᠠᠵᠤ ᠴᠢᠳᠠᠭᠰᠠᠨ ᠦᠭᠡᠢ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 66 ᠤᠨ ᠳᠤ ᠭᠨᠧᠢ ᠫᠣᠮᠫᠧᠢ᠂ ᠬᠡᠳᠦᠶᠢᠨ 75 ᠨᠠᠰᠤᠯᠠᠭᠰᠠᠨ ᠶᠡᠬᠡ ᠲᠢᠭᠷᠠᠨ᠋ᠧᠰ ᠪᠣᠯᠤᠨ ᠲᠡᠭᠦᠨ ᠦ ᠪᠠᠭ᠎ᠠ ᠬᠦᠦ ᠵᠠᠯᠠᠭᠤ ᠲᠢᠭᠷᠠᠨ᠋ᠧᠰ ᠤᠨ ᠠᠷᠮᠸᠠ ᠤᠯᠤᠰ ᠤᠷᠤᠭᠤ ᠬᠠᠯᠠᠳᠠᠨ ᠳᠣᠪᠲᠣᠯᠵᠠᠢ᠃ ᠶᠡᠬᠡ ᠲᠢᠭᠷᠠᠨ᠋ᠧᠰ ᠪᠠᠶᠢᠯᠳᠤᠬᠤ ᠶᠢ ᠬᠦᠰᠡᠭᠰᠡᠨ ᠦᠭᠡᠢ ᠪᠠᠭᠤᠵᠤ ᠥᠭᠪᠡ᠃ ᠫᠣᠮᠫᠧᠢ ᠲᠡᠭᠦᠨ ᠳᠦ ᠤᠯᠤᠰ ᠤᠨ ᠬᠢᠨᠢ ᠵᠠᠷᠢᠮ ᠬᠡᠰᠡᠭ ᠢ ᠦᠯᠡᠳᠡᠭᠡᠵᠦ᠂ ᠬᠠᠷᠢᠭᠤ ᠳᠤ ᠨᠢ 6000 ᠲᠠᠯᠠᠩᠳᠤ ᠠᠯᠲᠠ᠂ ᠮᠥᠩᠭᠥ ᠪᠡᠷ ᠳᠠᠶᠢᠨ ᠤ ᠲᠥᠯᠥᠪᠦᠷᠢ ᠬᠢᠯᠭᠡᠭᠦᠯᠦᠭᠰᠡᠨ ᠪᠠᠶᠢᠨ᠎ᠠ᠃ ᠡᠴᠢᠭᠡ ᠡᠴᠡ ᠪᠡᠨ ᠤᠷᠪᠠᠭᠰᠠᠨ ᠬᠦᠦ ᠲᠢᠭᠷᠠᠨ᠋ᠧᠰ ᠷᠤᠮᠠᠴᠤᠳ ᠲᠤ ᠪᠠᠷᠢᠭᠳᠠᠨ ᠷᠤᠮᠠ ᠳᠤ ᠬᠦᠷᠭᠡᠭᠳᠡᠨ ᠬᠣᠷᠢᠭᠳᠠᠭᠰᠠᠨ ᠭᠡᠳᠡᠭ᠃ ᠬᠠᠷᠢᠨ ᠶᠡᠬᠡ ᠲᠢᠭᠷᠠᠨ᠋ᠧᠰ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 55 ᠤᠨ ᠬᠦᠷᠲᠡᠯ᠎ᠡ ᠷᠤᠮᠠᠨᠢᠶ ᠠ ᠬᠣᠯᠪᠣᠭᠠᠲᠠᠨ ᠪᠣᠯᠤᠭᠰᠠᠨ ᠥᠪᠡᠷ ᠦᠨ ᠤᠯᠤᠰ ᠢᠶᠠᠨ ᠵᠠᠬᠢᠷᠴᠦ ᠪᠠᠶᠢᠭᠠᠳ ᠨᠠᠰᠤ ᠡᠴᠦᠰᠯᠡᠭᠰᠡᠨ ᠪᠠᠶᠢᠨ᠎ᠠ᠃

ᠬᠣᠯᠠᠯᠡᠢ ᠶᠢᠨ ᠰᠡᠭᠦᠯᠲᠦ ᠣᠳᠣ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠤᠨ ᠤ 5 ᠰᠠᠷ᠎ᠠ ᠶᠢᠨ 19 ᠍ ᠤ ᠡᠳᠦᠷ ᠦᠨ ABC ᠨᠢᠶᠦ᠋ᠰ ᠰᠡᠳᠬᠦᠯ ᠳᠦ ᠠᠷᠮᠸᠠᠢᠲ᠋ᠠᠯᠢ ᠍ ᠶᠢᠨ ᠰᠤᠳᠤᠯᠤᠭᠠᠴᠢᠳ ᠨᠡᠶᠢᠲᠡᠯᠡᠯ ᠪᠢᠴᠢᠭᠰᠡᠨ ᠪᠠᠶᠢᠨ᠎ᠠ᠃ ᠤᠭ ᠥᠭᠦᠯᠡᠯ ᠳᠦ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 87 ᠤᠨ ᠳᠤ ᠬᠠᠷᠠᠭᠳᠠᠵᠤ ᠪᠠᠶᠢᠭᠰᠠᠨ ᠬᠣᠯᠯᠧᠢᠨ ᠰᠡᠭᠦᠯᠲᠦ ᠣᠳᠣ ᠤ ᠲᠣᠭᠣᠷᠢᠭ ᠵᠠᠮ ᠢ ᠲᠣᠭᠠᠴᠠᠭᠠᠯᠠᠨ ᠭᠠᠷᠭᠠᠭᠰᠠᠨ ᠲᠤᠬᠠᠢ ᠪᠢᠴᠢᠵᠡᠢ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 87ᠤᠨ ᠤ 8 ᠰᠠᠷ᠎ᠠ ᠶᠢᠨ 6 ᠍ ᠳᠦ ᠬᠣᠯᠠᠯᠡᠢ ᠰᠡᠭᠦᠯᠲᠦ ᠣᠳᠣ ᠨᠠᠷᠠ ᠲᠠᠢ ᠣᠶᠢᠷᠠᠬᠠᠨ ᠵᠥᠷᠢᠭᠰᠡᠨ ᠢ ᠲᠢᠭᠷᠠᠨ᠋ᠧᠰ ᠪᠠ ᠲᠡᠭᠦᠨ ᠦ ᠠᠷᠠᠳ ᠲᠦᠮᠡᠨ ᠠᠵᠢᠭᠯᠠᠨ ᠬᠠᠷᠠᠭᠰᠠᠨ ᠪᠠᠶᠢᠨ᠎ᠠ᠃ ᠡᠨᠡ ᠨᠢ ᠬᠠᠭᠠᠳ ᠤᠨ ᠬᠠᠭᠠᠨ ᠶᠡᠬᠡ ᠲᠢᠭᠷᠠᠨ᠋ᠧᠰ ᠤ ᠰᠢᠨ᠎ᠡ ᠡᠷᠡᠨ ᠢ ᠡᠬᠢᠯᠡᠵᠦ ᠪᠤᠢ ᠶᠢ ᠪᠡᠯᠡᠭᠳᠡᠭᠰᠡᠨ ᠮᠠᠰᠢ ᠣᠨᠴᠠᠭᠠᠢ ᠦᠢᠯᠡ ᠶᠠᠪᠤᠳᠠᠯ ᠪᠠᠶᠢᠭᠰᠠᠨ ᠭᠡᠵᠦ ᠲᠡᠮᠳᠡᠭᠯᠡᠨ ᠦᠯᠡᠳᠡᠭᠡᠪᠡ᠃

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • Chahin, M. (1991). The Kingdom of Armenia. New York, Dorset Press. ISBN 0-88029-609-7
  • Frye, Richard N. 1984. The History of Ancient Iran. Richard N. Frye. München : Beck. ISBN 3-406-09397-3
  • Lang, David Marshall (1980). Armenia. Cradle of Civilisation. 1st Edition, London, George Allen & Unwin, 1970. 3rd Edition (Corrected). London, George Allen & Unwin. ISBN 0-04-956009-3
  • The heritage of Armenian literature Vol.1 - Page 50
  • The Building Program of Herod the Great by Duane W. Roller</div>

ᠪᠢᠴᠢᠭᠡᠰᠦ