ᠠᠤᠬᠠᠨ ᠬᠣᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠤᠬᠠᠨ ᠬᠣᠰᠢᠭᠤ
ᠬᠤᠰᠢᠭᠤ
ᠤᠯᠠᠭᠠᠨᠬᠠᠳᠠ ᠬᠣᠲᠠ ᠳ᠋ᠡᠬᠢ ᠠᠤᠬᠠᠨ ᠬᠣᠰᠢᠭᠤ
ᠤᠯᠤᠰ ᠤᠷᠤᠨ Flag of the People's Republic of China.svg ᠬᠢᠲᠠᠳ
ᠮᠤᠵᠢ᠂ ᠣᠷᠣᠨ ᠥᠪᠥᠷ ᠮᠤᠩᠭᠤᠯ
ᠠᠶᠢᠮᠠᠭ᠂ ᠬᠤᠳᠠ ᠤᠯᠠᠭᠠᠨᠬᠠᠳᠠ ᠬᠤᠲᠠ
ᠬᠣᠰᠢᠭᠤ᠂ ᠰᠢᠶᠠᠨ ᠠᠤᠬᠠᠨ ᠬᠣᠰᠢᠭᠤ
ᠭᠠᠵᠠᠷ ᠨᠤᠲᠤᠭ 8316 ᠺᠦᠸᠠᠳ᠋ ᠺᠢᠯᠣᠮᠧᠲ᠋ᠷ
ᠬᠦᠮᠦᠨ ᠠᠮᠠ (2010) 547043 ᠬᠦᠮᠦᠨ [1]
ᠰᠢᠤᠳᠠᠨ ᠳᠤᠭᠠᠷ 024300
ᠴᠠᠬᠢᠮ ᠭᠠᠵᠠᠷ http://www.aohan.gov.cn(ᠬᠢᠲᠠᠳ ᠢᠶᠠᠷ)
http://mgl.aohan.gov.cn(ᠮᠣᠩᠭᠣᠯ ᠢᠶᠠᠷ)

ᠠᠤᠬᠠᠨ ᠬᠣᠰᠢᠭᠤ ᠨᠢ ᠥᠪᠥᠷ ᠮᠣᠩᠭᠣᠯ ᠤᠨ ᠤᠯᠠᠭᠠᠨᠬᠠᠳᠠ ᠬᠣᠲᠠ ᠶᠢᠨ ᠵᠡᠭᠦᠨ ᠡᠮᠦᠨ᠎ᠡ ᠪᠡᠶ᠎ᠡ ᠳ᠋ᠤ ᠣᠷᠣᠰᠢᠵᠤ ᠡᠮᠦᠨ᠎ᠡ ᠪᠡᠨ ᠯᠢᠶᠣᠣᠨᠢᠩ ᠮᠤᠵᠢ ᠲᠠᠢ ᠬᠢᠯᠢ ᠨᠡᠶᠢᠯᠡᠵᠦ᠂ ᠵᠡᠭᠦᠨ ᠪᠡᠨ ᠲᠦᠩᠯᠢᠶᠣᠣ ᠬᠣᠲᠠ ᠲᠠᠢ ᠵᠠᠯᠭᠠᠯᠳᠤᠨ᠎ᠠ᠃ ᠨᠤᠲᠤᠭ ᠳᠡᠪᠢᠰᠭᠡᠷ ᠤᠨ ᠶᠡᠷᠦᠩᠬᠡᠢ ᠲᠠᠯᠠᠪᠠᠢ 8316 ᠲᠡᠭᠰᠢ ᠲᠦᠷᠪᠡᠯᠵᠢᠨ ᠺᠢᠯᠣᠮᠧᠲ᠋ᠷ ᠃ᠨᠡᠶᠢᠲᠡ ᠬᠦᠮᠦᠨ ᠠᠮᠠ 547043[1] ᠃ 18 ᠰᠤᠮᠤ ᠶᠢᠨ ᠳᠡᠰ ᠤᠨ ᠨᠢᠭᠡᠴᠡ ᠲᠡᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠶᠠᠨ ᠬᠠᠭᠠᠨ ᠤ ᠬᠦᠪᠡᠭᠦᠨ ᠲᠥᠷᠥᠪᠣᠯᠣᠳ ᠤᠨ ᠣᠮᠪᠣᠯ ᠳᠠᠶᠢᠴᠢᠩ ᠳᠦᠭᠦᠷᠡᠩ ᠠᠤᠬᠠᠨ ᠠᠶᠢᠮᠠᠭ ᠢ ᠵᠠᠬᠢᠷᠴᠤ ᠪᠠᠶᠢᠵᠠᠢ᠂ 16 ᠳᠤᠭᠠᠷ ᠵᠠᠭᠤᠨ ᠤ ᠰᠡᠭᠦᠯᠴᠢ ᠪᠡᠷ ᠳᠠᠶᠢᠴᠢᠩ ᠳᠦᠭᠦᠷᠡᠩ ᠳᠡᠭᠦᠦ ᠡᠰᠡᠨ ᠤᠶᠢᠵᠠᠩ ᠲᠠᠢ ᠪᠠᠨ ᠯᠤᠤᠬ᠎ᠠ ᠶᠢᠨ ᠭᠣᠣᠯ ᠤᠨ ᠰᠠᠪᠠ ᠳᠤ ᠨᠡᠭᠦᠨ ᠢᠷᠡᠵᠤ᠂ᠳᠠᠶᠢᠴᠢᠩ ᠳᠦᠭᠦᠷᠡᠩ ᠠᠤᠬᠠᠨ ᠢᠶᠠᠨ ᠵᠠᠬᠢᠷᠤᠨ᠂ ᠳᠡᠭᠦᠦ ᠡᠰᠡᠨ ᠤᠶᠢᠵᠠᠩ ᠨᠢ ᠭᠣᠣᠯ ᠤᠨ ᠨᠦᠭᠦᠭᠡ ᠬᠦᠪᠡᠭᠡᠨ ᠳᠤ ᠰᠠᠭᠤᠵᠤ ᠨᠠᠶ᠋ᠮᠠᠨ ᠠᠶᠢᠮᠠᠭ ᠢ ᠵᠠᠬᠢᠷᠴᠠᠢ᠃ 1627 ᠤᠨ ᠳᠤ ᠳᠠᠶᠢᠴᠢᠩ ᠳᠦᠭᠦᠷᠡᠩ ᠤᠨ ᠬᠦᠪᠡᠭᠦᠨ ᠰᠤᠨᠤᠮ ᠳᠦᠭᠦᠷᠡᠩ ᠳᠡᠭᠦᠦ ᠰᠠᠴᠡᠨᠵᠣᠷᠢᠭᠲᠤ ᠲᠠᠢ ᠪᠠᠨ ᠬᠣᠶᠢᠳᠤ ᠠᠯᠲᠠᠨ ᠤᠯᠤᠰ ᠢ ᠳᠠᠭᠠᠵᠠᠢ᠃

1638 ᠤᠨ ᠳᠤ ᠮᠠᠨᠵᠤ ᠶᠢᠨ ᠴᠢᠩ ᠤᠯᠤᠰ ᠠᠴᠠ ᠠᠤᠬᠠᠨ ᠬᠣᠰᠢᠭᠤ ᠶᠢ ᠪᠠᠶᠢᠭᠤᠯᠵᠤ ᠵᠤᠤ ᠤᠳᠠ ᠶᠢᠨ ᠴᠢᠭᠤᠯᠭᠠᠨ ᠳᠤ ᠵᠠᠬᠢᠷᠠᠭᠤᠯᠵᠠᠢ᠃ ᠴᠢᠩ ᠤᠯᠤᠰ ᠤᠨ 《ᠮᠣᠩᠭᠤᠯ ᠬᠤᠰᠢᠭᠤ ᠨᠤᠲᠤᠭ ᠤᠨ ᠲᠡᠮᠳᠡᠭᠯᠡᠯ》 ᠳᠤ《ᠠᠤᠬᠠᠨ  ᠨᠢᠭᠡ ᠬᠤᠰᠢᠭᠤ ᠪᠣᠯᠣᠨ ᠲᠣᠭᠲᠠᠪᠠᠢ ᠃ ᠲᠡᠭᠦᠨ ᠤ ᠨᠤᠲᠤᠭ ᠤᠨ ᠭᠠᠵᠠᠷ ᠠᠨᠤ ᠯᠤᠤᠬ᠎ᠠ ᠶᠢᠨ ᠭᠤᠣᠯ ᠢ ᠬᠠᠪᠴᠢᠵᠤ ᠪᠣᠢ᠃ ᠵᠡᠭᠦᠨᠰᠢ ᠬᠠᠷ᠎ᠠ ᠣᠷᠣᠢ᠂ ᠡᠮᠦᠨᠡᠰᠢ ᠬᠠᠯᠠᠭ᠎ᠠ ᠳᠠᠪᠠᠭ᠎ᠠ ( ᠪᠠᠰᠠ ᠴᠠᠭᠠᠨ ᠰᠤᠪᠤᠷᠭᠠᠨ ᠳᠠᠪᠠᠭ᠎ᠠ ᠭᠡᠳᠡᠭ ) ᠂ ᠪᠠᠷᠠᠭᠤᠨᠰᠢ ᠠᠯᠢᠮᠠᠲᠦ ᠳᠠᠪᠠᠭ᠎ᠠ ᠂ ᠬᠤᠶᠢᠰᠢ ᠶᠣᠯᠣ ᠳᠠᠪᠠᠭ᠎ᠠ ( ᠠᠰᠢᠬᠠᠨ ᠰᠤᠮᠤᠨ ᠤ ᠶᠣᠯᠣ ᠶᠢᠨ ᠠᠭᠤᠯᠠ)᠂ ᠵᠡᠭᠦᠨ ᠡᠮᠦᠨᠡᠰᠢ ᠭᠤᠷᠪᠠᠯᠵᠢᠨ ᠰᠢᠨᠠ ᠠᠲᠠᠷ᠂ ᠪᠠᠷᠠᠭᠤᠨ ᠡᠮᠦᠨᠡᠰᠢ ᠬᠤᠪᠳᠤᠲᠤ ᠬᠠᠷ᠎ᠠ᠂ ᠵᠡᠭᠦᠨ ᠬᠤᠶᠢᠰᠢ ᠲᠡᠭᠡᠴᠡᠲᠦ ᠂ ᠪᠠᠷᠠᠭᠤᠨ ᠬᠤᠶᠢᠰᠢ ᠤᠯᠠᠭᠠᠨ ᠰᠦᠮ᠎ᠡ ᠬᠦᠷᠴᠦᠬᠦᠢ᠃》 ᠭᠡᠵᠤ ᠲᠡᠮᠳᠡᠭᠯᠡᠵᠦ ᠪᠠᠶᠢᠳᠠᠭ᠃

ᠴᠢᠩ ᠤᠯᠤᠰ ᠤᠨ ᠰᠡᠭᠦᠯᠴᠢ ᠂ ᠳᠤᠮᠳᠠᠳᠤ ᠢᠷᠭᠡᠨ ᠤᠯᠤᠰ ᠤᠨ ᠦᠶ᠎ᠡ ᠳᠤ ᠠᠲᠠᠷ ᠬᠠᠭᠠᠯᠪᠦᠯᠡᠯᠲᠠ ᠶᠢᠨ ᠬᠦᠰᠢᠭᠡ ᠨᠡᠭᠡᠭᠳᠡᠵᠦ᠂ ᠶᠡᠬᠡ ᠬᠡᠮᠵᠢᠶᠡᠨ ᠤ ᠬᠢᠲᠠᠳ ᠢᠷᠭᠡᠨ ᠨᠡᠭᠦᠵᠦ ᠢᠷᠡᠨ ᠨᠤᠲᠤᠭ ᠤᠨ ᠮᠣᠩᠭᠣᠯᠴᠤᠳ ᠣᠯᠠᠩᠬᠢ ᠨᠢ ᠤᠮᠠᠷᠠᠰᠢ ᠳᠦᠷᠪᠡᠭᠰᠡᠨ ᠢᠶᠡᠷ ᠠᠤᠬᠠᠨ ᠬᠣᠰᠢᠭᠤᠨ ᠤ ᠮᠣᠩᠭᠣᠯᠴᠤᠳ ᠤᠨ ᠲᠣᠭ᠎ᠠ ᠪᠠᠭ᠎ᠠ ᠬᠤᠪᠢ ᠶᠢ ᠡᠵᠡᠯᠡᠬᠦ ᠪᠣᠯᠣᠭᠰᠠᠨ ᠪᠠᠶᠢᠨ᠎ᠠ᠃

1949 ᠤᠨ ᠳᠤ ᠠᠤᠬᠠᠨ ᠬᠣᠰᠢᠭᠤ ᠨᠢ ᠿᠧᠾᠧ ᠮᠤᠵᠢ ᠳᠤ ᠬᠠᠷᠢᠶᠠᠯᠠᠭᠳᠠᠵᠤ᠂ 1956 ᠤᠨ ᠳᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠳᠤ ᠪᠤᠴᠠᠵᠤ ᠢᠷᠡᠵᠤ ᠵᠤᠤ ᠤᠳᠠ ᠠᠶᠢᠮᠠᠭ ᠲᠤ ᠬᠠᠷᠢᠶᠠᠯᠠᠭᠤᠯᠵᠠᠢ᠃

1969 ᠤᠨ ᠳᠤ ᠯᠢᠶᠣᠣᠨᠢᠩ ᠮᠤᠵᠢ ᠳᠤ ᠦᠭᠴᠦ ᠂ 1979 ᠤᠨ ᠳᠤ ᠳᠠᠬᠢᠨ ᠥᠪᠥᠷ ᠮᠣᠩᠭᠣᠯ ᠳᠤ ᠪᠠᠨ ᠪᠤᠴᠠᠵᠤ ᠢᠷᠡᠵᠡᠢ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

18 ᠰᠤᠮᠤ ᠶᠢᠨ ᠳᠡᠰ ᠤᠨ ᠨᠢᠭᠡᠴᠡ ᠲᠡᠢ᠃ ᠡᠭᠦᠨ ᠳᠣᠲᠣᠷ᠎ᠠ  ᠪᠠᠨ 1ᠰᠤᠮᠤ᠂ 6ᠰᠢᠶᠠᠩ ᠂ 8 ᠪᠠᠯᠭᠠᠰᠤ ᠂ 3 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

547043 ᠬᠦᠮᠦᠨ ᠠᠮᠠ ᠲᠠᠢ ᠂ ᠡᠭᠦᠨ ᠤ ᠳᠣᠲᠣᠷ᠎ᠠ ᠮᠣᠩᠭᠣᠯ ᠦᠨᠳᠦᠰᠦᠲᠡᠨ 3.3 ᠲᠦᠮᠡ᠃ ᠮᠣᠩᠭᠣᠯ ᠦᠨᠳᠦᠰᠦᠲᠡᠨ ᠤ ᠬᠦᠮᠦᠨ ᠠᠮᠠ ᠭᠣᠣᠯᠳᠠᠭᠤ ᠲᠤᠰ ᠬᠣᠰᠢᠭᠤ ᠶᠢᠨ ᠣᠷᠣᠢ ᠶᠢᠨ ᠰᠦᠮ᠎ᠡ ᠰᠤᠮᠤ ᠪᠠᠷ ᠲᠦᠪᠯᠡᠷᠡᠵᠦ ᠪᠠᠶᠢᠨ᠎ᠠ᠃

ᠭᠠᠵᠠᠷ ᠵᠦᠢ ᠶᠢᠨ ᠣᠷᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠡ ᠭᠠᠵᠠᠷ ᠤᠨ ᠤᠯᠠᠷᠢᠯ ᠤᠨ ᠰᠠᠯᠬᠢᠨ ᠤ ᠠᠭᠤᠷ ᠠᠮᠢᠰᠬᠤᠯ ᠲᠠᠢ᠃

ᠭᠠᠵᠠᠷ ᠤᠨ ᠪᠠᠶᠢᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠬᠦ ᠬᠣᠰᠢᠭᠤᠨ ᠤ ᠭᠠᠵᠠᠷ ᠤᠨ ᠪᠠᠶᠢᠴᠠ ᠡᠮᠦᠨ᠎ᠡ ᠬᠡᠰᠡᠭ ᠨᠢ ᠠᠭᠤᠯᠠᠷᠬᠠᠭ ᠭᠠᠵᠠᠷ᠂ ᠤᠮᠠᠷᠠᠳᠤ ᠬᠡᠰᠡᠭ ᠨᠢ ᠡᠯᠡᠰᠦᠷᠬᠡᠭ ᠨᠠᠮᠤᠭ ᠭᠠᠵᠠᠷ ᠂ ᠳᠤᠮᠳᠠ ᠬᠡᠰᠡᠭ ᠨᠢ ᠰᠢᠷ᠎ᠠ ᠬᠥᠷᠥᠰᠦᠲᠦ ᠳᠣᠪᠣᠷᠬᠠᠭ ᠣᠷᠣᠨ ᠃

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ