ᠠᠢᠯᠦᠨ ᠲ᠋‍ᠦ᠋ᠷᠢᠩ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠠᠢᠯᠦᠨ ᠲ᠋‍ᠦ᠋ᠷᠢᠩ 1912ᠤᠨ ᠤ 6 ᠰᠠᠷ᠎ᠠ ᠶᠢᠨ 23 {ᠳᠤ} ᠯᠤᠨᠳᠤᠨ ᠳᠤ ᠮᠠᠨᠳᠤᠯᠡᠵᠦ᠂ 1936 ᠤᠨ ᠳᠤ ᠪᠢᠴᠢᠭᠰᠡᠨ ᠦᠭᠦᠯᠡᠯ ᠳᠡᠭᠡᠷ᠎ᠡ ᠪᠡᠨ ᠲᠤᠭᠠᠨ ᠤ ᠵᠢᠩᠬᠢᠨᠢ ᠬᠡᠮᠵᠢᠭᠳᠡᠯ ᠢ ᠪᠠᠲᠤᠯᠠᠬᠤ ᠪᠤᠲᠤᠯᠭ᠎ᠠ ᠶᠢᠨ ᠠᠷᠭ᠎ᠠ ᠤᠷᠤᠰᠢᠬᠤ ᠦᠭᠡᠢ ᠂ ᠪᠠᠰᠠ ᠲᠤᠭᠠᠨ ᠤ ᠤᠬᠠᠭᠠᠨ ᠳᠤ ᠬᠡᠵᠢᠶᠡᠳᠡ ᠮᠠᠭᠠᠳᠯᠠᠵᠤ ᠪᠤᠯᠬᠤ ᠦᠭᠡᠢ ᠦᠭᠦᠯᠡᠯ ᠠᠭᠤᠯᠠᠭᠳᠠᠨ᠎ᠠ ᠭᠡᠳᠡᠭ ᠢ ᠭᠡᠷᠡᠴᠢᠯᠠᠵᠡᠢ ᠃

| ᠠᠢᠯᠦᠨ ᠲ᠋‍ᠦ᠋ᠷᠢᠩ= ᠰᠤᠷᠭᠠᠨ ᠬᠦᠮᠦᠵᠯᠲᠡᠨ᠂ ᠲᠤᠭᠠᠨ ᠤ ᠤᠬᠠᠭᠠᠨᠲᠠᠨ (1912-1954) | ᠲᠦᠷᠦᠭᠰᠡᠨ ᠤᠨ ᠰᠠᠷ᠎ᠠ =(1912.6.23) ᠨᠠᠰᠤ ᠨᠦᠭᠴᠢᠭᠰᠡᠨ ᠬᠤᠭᠤᠴᠠᠭ᠎ᠠ (1954.7.6) | ᠲᠦᠷᠦᠭᠰᠡᠨ ᠨᠤᠲᠤᠭ= ᠠᠩᠭ᠍ᠯᠢ᠂ ᠯᠤᠨᠳᠤᠨ

| ᠨᠡᠷᠡᠲᠦ ᠲᠤᠭᠠᠨ ᠤ ᠤᠬᠠᠭᠠᠨᠲᠠᠨ = ᠠᠢᠯᠦᠨ ᠲ᠋‍ᠦ᠋ᠷᠢᠩ1936 ᠤᠨ ᠳᠤ ᠦᠭᠦᠯᠡᠯ ᠳᠡᠭᠡᠷ᠎ᠡ ᠪᠡᠨ ᠲᠤᠭᠠᠨ ᠤ ᠵᠢᠩᠬᠢᠨᠢ ᠬᠡᠮᠵᠢᠭᠳᠡᠯ ᠢ ᠪᠠᠲᠤᠯᠠᠬᠤ ᠪᠤᠲᠤᠯᠭ᠎ᠠ ᠶᠢᠨ ᠠᠷᠭ᠎ᠠ ᠤᠷᠤᠰᠢᠬᠤ ᠦᠭᠡᠢ ᠭᠡᠳᠡᠭ ᠢ ᠭᠡᠷᠡᠴᠢᠯᠠᠪᠡ᠃ ᠨᠢᠭᠤᠴᠠ ᠨᠣᠮᠧᠷ ᠦᠨ ᠵᠠᠳᠠᠯᠤᠯᠲᠠ ᠪᠤᠯᠤᠨ ᠠᠩᠬᠠᠨ ᠤ ᠦᠶ᠎ᠡ ᠶᠢᠨ ᠺᠣᠮᠫᠢᠦ᠋ᠲᠧᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠬᠤᠶᠠᠳᠤᠭᠠᠷ ᠳᠠᠢᠨ ᠤ ᠬᠤᠭᠤᠴᠠᠭᠠᠨ ᠳᠤ᠂ ᠲ᠋‍ᠦ᠋ᠷᠢᠩ ᠳᠠᠢᠨ ᠤ ᠦᠶ᠎ᠡ ᠶᠢᠨ ᠨᠢᠭᠤᠴᠠ ᠨᠣᠮᠧᠷ ᠤᠷᠴᠢᠭᠤᠯᠠᠨ ᠲᠠᠢᠯᠬᠤ ᠳᠤ ᠭᠤᠤᠯᠯᠠᠨ ᠤᠷᠤᠯᠴᠠᠵᠤ᠂ ᠤᠨᠴᠠᠭᠠᠢᠯᠠᠨ ᠭᠧᠷᠮᠠᠨ ᠤ ᠨᠢᠭᠤᠴᠠ ᠨᠣᠮᠧᠷ ᠢ ᠤᠷᠴᠢᠭᠤᠯᠠᠨ ᠲᠠᠢᠯᠬᠤ ᠳᠤ ᠤᠷᠤᠯᠴᠠᠭᠰᠠᠨ ᠶᠤᠮ᠃ GCCS ᠳᠠᠢᠨ ᠤ ᠬᠤᠭᠤᠴᠠᠭᠠᠨ ᠤ { ᠷᠢᠳᠢᠥᠥ } ᠨᠡᠪᠲᠡᠷᠡᠭᠦᠯᠭᠡ ᠶᠢᠨ ᠬᠤᠷᠢᠢᠶᠠᠨ ᠤ Blentchley ᠴᠡᠴᠡᠷᠯᠢᠭ ᠲᠦ ᠠᠵᠢᠯᠯᠠᠵᠤ ᠪᠠᠢᠭᠰᠠᠨ ᠶᠤᠮ᠃ ᠲᠡᠷᠡ ᠨᠢᠬᠤᠴᠠ ᠨᠣᠮᠧᠷ ᠢ ᠤᠷᠴᠢᠭᠤᠯᠠᠨ ᠳᠠᠢᠯᠬᠤ ᠲᠠᠯ᠎ᠠ ᠪᠠᠷ ᠲᠠᠪᠤᠨ ᠵᠤᠢᠯ ᠤᠨ ᠴᠢᠬᠤᠯᠠ ᠬᠦᠭᠵᠢᠯᠲᠠ ᠶᠢ ᠪᠠᠶᠠᠯᠡᠭᠦᠯᠡᠭᠰᠡᠨ ᠪᠠᠢᠨ᠎ᠠ᠃ ᠡᠭᠦᠨ ᠳᠦ ᠴᠬᠠ ᠲᠠᠢ ᠳᠡᠯᠪᠡᠷᠡᠬᠦ ᠪᠦᠮᠪᠦᠭᠡ ᠶᠢ ᠪᠠᠭᠳᠠᠭᠠᠵᠤ ᠪᠠᠢᠨ᠎ᠠ ᠃ ᠡᠨᠡ ᠨᠢ ᠨᠢᠭᠡ ᠵᠤᠢᠢᠯ ᠤᠨ ᠮᠸᠬᠠᠨᠢᠭ ᠴᠠᠬᠢᠯᠭᠠᠨ ᠤ ᠲᠦᠬᠦᠭᠡᠷᠦᠮᠵᠢ ᠪᠠᠢᠵᠤ᠂ ᠭᠧᠷᠮᠠᠨ ᠤ Enigma  ᠨᠢᠭᠤᠴᠠ ᠮᠡᠳᠡᠭᠡ ᠶᠢ ᠬᠠᠪᠰᠤᠷᠤᠨ ᠤᠷᠴᠢᠭᠤᠯᠤᠨ ᠲᠠᠢᠯᠬᠤ ᠳᠤ ᠬᠡᠷᠡᠭᠯᠡᠳᠡᠭ᠃ ᠲ᠋‍ᠦ᠋ᠷᠢᠩ ᠦᠨ ᠨᠢᠭᠤᠴᠠ ᠨᠣᠮᠧᠷ ᠢ ᠤᠷᠴᠢᠭᠤᠯᠤᠨ ᠲᠠᠢᠯᠬᠤ ᠶᠠᠪᠤᠴᠠ ᠳᠤ ᠦᠵᠡᠭᠦᠯᠦᠭᠰᠡᠨ ᠬᠤᠪᠢ ᠨᠡᠮᠡᠷᠢ ᠨᠢ ᠡᠭᠦᠨ ᠢᠶᠡᠷ ᠵᠤᠭᠰᠤᠭᠰᠠᠨ ᠪᠢᠰᠢ ᠃ ᠲᠡᠷᠡ ᠪᠠᠰᠠ ᠬᠤᠶᠠᠷ ᠬᠤᠪᠢ ᠶᠢᠨ ᠨᠢᠭᠤᠴᠠ ᠨᠣᠮᠧᠷ ᠢ ᠤᠷᠴᠢᠭᠤᠯᠤᠨ ᠲᠠᠢᠯᠬᠤ ᠲᠤᠬᠠᠢ ᠲᠤᠭᠠᠨ ᠤ ᠤᠬᠠᠭᠠᠨ ᠤ ᠠᠷᠭ᠎ᠠ ᠶᠢᠨ ᠦᠭᠦᠯᠡᠯ ᠪᠢᠴᠢᠵᠦ᠂ ᠡᠳᠡᠭᠡᠷ ᠦᠭᠦᠯᠡᠯ ᠨᠢ{ ᠺᠦᠳᠡ } ᠪᠤᠯᠤᠨ ᠰᠠᠢ {ᠫᠤᠤ } ᠡᠯ ﹈ᠳᠡᠭᠡᠳᠦ ᠰᠤᠷᠭᠠᠭᠤᠯᠢ ᠶᠢᠨ ᠴᠢᠬᠤᠯᠠ ᠦᠪ ᠬᠦᠷᠦᠩᠭᠡ ᠪᠤᠯᠵᠤ᠂ GCHQ 2012 ᠤᠨ ᠤ 4 ᠰᠠᠷ᠎ᠠ ᠳᠤ ᠰᠠᠶᠢ ᠲᠳᠡᠭᠡᠷ ᠦᠭᠦᠯᠡᠯ ᠢ ᠠᠩᠭ᠍ᠯᠢ ᠠᠷᠷᠾᠸ ᠤᠨ ᠭᠠᠵᠠᠷ ᠲᠤ ᠨᠡᠢᠲᠡᠯᠭᠡᠰᠡᠨ ᠪᠠᠢᠨ᠎ᠠ᠃  ᠲ᠋‍ᠦ᠋ᠷᠢᠩ 20 ᠳ᠋ᠤᠭᠠᠷ ᠵᠠᠭᠤᠨ ᠤ 40 ᠤᠨ ᠤ ᠳᠤᠮᠳᠠᠴᠢ ᠪᠠᠷ ᠯᠤᠨᠳᠤᠨ ᠳᠤ ᠨᠡᠭᠦᠭᠰᠡᠨ ᠦ ᠬᠠᠮᠲᠤ ᠤᠯᠤᠰ ᠤᠨ ᠹᠢᠽᠢᠺ ᠦᠨ ᠲᠤᠷᠰᠢᠯᠲᠠ ᠶᠢᠨ ᠲᠠᠰᠤᠭ ᠲᠤ ᠠᠵᠢᠯᠯᠠᠭᠰᠠᠨ ᠪᠠᠢᠨ᠎ᠠ᠃ ᠲᠡᠷᠡ ᠤᠢᠯᠡᠳᠪᠦᠷᠢ ᠳᠦ ᠠᠵᠢᠯᠯᠠᠬᠤ ᠬᠤᠭᠤᠴᠠᠭᠠᠨ ᠳᠤ ᠬᠠᠮᠤᠭ ᠢᠷᠠᠭᠤ ᠠᠯᠳᠠᠷᠲᠠᠢ ᠬᠤᠪᠢ ᠨᠡᠮᠡᠷᠢ ᠨᠢ{ ᠠᠦᠲᠢ } ᠪᠤᠳᠤᠯᠭ᠎ᠠ ᠶᠢᠨ ᠬᠦᠳᠡᠯᠭᠡᠭᠦᠷ ᠢ ᠲᠦᠯᠦᠪᠯᠠᠨ ᠤᠳᠤᠷᠢᠳᠴᠤ᠂ ᠬᠠᠮᠤᠭ ᠡᠴᠦᠰ ᠲᠦ ᠳᠡᠯᠭᠡᠭᠦᠷ ᠦᠨ { ᠫᠢᠷᠤᠭᠷᠠᠮ} ᠺᠤᠮᠫᠢᠦᠲᠸᠷ ᠲᠦ ᠡᠬᠢᠯᠡᠯᠲᠡ ᠶᠢᠨ ᠴᠢᠨᠠᠷᠲᠠᠢ ᠳᠤᠽᠠᠢᠨ ᠤ ᠵᠢᠷᠤᠭ ᠢ ᠡᠭᠦᠳᠦᠭᠰᠡᠨ ᠪᠠᠢᠨ᠎ᠠ᠃ ᠬᠡᠳᠦᠢᠪᠡᠷ ACE{ ᠶᠢᠨ} ᠪᠤᠷᠢᠨ ᠬᠡᠪᠯᠡᠯ ᠢ ᠶᠡᠷᠦ  ᠡᠴᠡ ᠪᠠᠢᠭᠤᠯᠵᠤ ᠦᠩᠭᠡᠷᠡᠭᠰᠡᠨ ᠦᠭᠡᠢ ᠪᠤᠯᠪᠠᠴᠤ᠂ ᠲᠡᠭᠦᠨ ᠦ ᠤᠬᠠᠭᠳᠠᠬᠤᠨ ᠨᠢ ᠮᠠᠰᠢ ᠤᠯᠠᠨ ᠰᠢᠨᠵᠢᠯᠡᠬᠦ ᠮᠡᠷᠭᠡᠵᠢᠯ ᠦᠨ ᠺᠤᠮᠫᠠᠨᠢ ᠳᠤ ᠬᠡᠷᠡᠭᠯᠡᠭᠳᠡᠬᠦ ᠶᠢᠨ ᠬᠠᠮᠲᠤ ᠠᠩᠭ᠍ᠯᠢ ᠶᠢᠨ ᠴᠠᠬᠢᠯᠭᠠᠨ ᠬᠡᠢ DEUCE ᠪᠤᠯᠤᠨ ᠠᠮᠸᠷᠢᠺᠠ ᠶᠢᠨ Bendix G-15 ᠲᠦᠰᠦᠯ ᠢ ᠨᠦᠯᠦᠭᠡᠯᠡᠵᠦ᠂ ᠮᠠᠰᠢ ᠤᠯᠠᠨ ᠰᠢᠨᠵᠢᠯᠡᠬᠦ ᠮᠡᠷᠭᠡᠵᠢᠯ ᠦᠨ ᠠᠵᠢᠯ ᠲᠦᠷᠦᠯ ᠳᠦ ᠳᠡᠯᠡᠬᠡᠢ ᠳᠡᠭᠡᠷᠡᠬᠢ ᠠᠩᠬᠠᠨ ᠤ ᠬᠤᠪᠢ ᠬᠦᠮᠦᠨ ᠦ ᠺᠣᠮᠫᠢᠦ᠋ᠲᠧᠷ᠂ ᠪᠤᠰᠤᠳ ᠺᠣᠮᠫᠢᠦ᠋ᠲᠧᠷ ᠦᠨ ᠬᠡᠪ ᠵᠠᠭᠪᠤᠷ ᠭᠡᠵᠦ ᠮᠡᠳᠡᠷᠡᠭᠳᠡᠭᠰᠡᠨ ᠶᠤᠮ᠃

20 ᠳ᠋ᠤᠭᠠᠷ ᠵᠠᠭᠤᠨ ᠤ 40 ᠤᠨ ᠤ ᠰᠡᠭᠦᠯᠴᠢ ᠪᠡᠷ ᠲ᠋‍ᠦ᠋ᠷᠢᠩ ᠦᠷᠭᠦᠯᠵᠢᠯᠨᠨ ᠮᠠᠨ ᠴᠢᠶᠸ ᠰᠢ ᠲᠸ ᠶᠡᠬᠡ ᠰᠤᠷᠭᠠᠭᠤᠯᠢ ᠶᠢᠨ ᠲᠤᠭᠠᠨ ᠤ ᠤᠬᠠᠭᠠᠨ ᠤ ᠰᠠᠯᠪᠤᠷᠢ ᠪᠤᠯᠤᠨ ᠺᠣᠮᠫᠢᠦ᠋ᠲᠧᠷ ᠦᠨ ᠲᠤᠷᠰᠢᠯᠲᠠ ᠶᠢᠨ ᠲᠠᠰᠤᠭ ᠤᠨ ᠳᠡᠭᠡᠳᠦ ᠵᠡᠷᠭᠡ ᠶᠢᠨ ᠲᠤᠰᠢᠶᠠᠯ ᠢ ᠡᠭᠦᠷᠭᠡᠯᠡᠵᠦ ᠪᠠᠢᠭᠰᠠᠨ ᠶᠤᠮ᠃ ᠲᠡᠷᠡ 1950 ᠤᠨ ᠳᠤ ᠨᠡᠢᠲᠡᠯᠡᠭᠰᠠᠨ (ᠺᠣᠮᠫᠢᠦ᠋ᠲᠧᠷ ᠪᠤᠯᠤᠨ ᠤᠶᠤᠨᠲᠤ) ᠭᠡᠬᠦ ᠲᠤᠷᠰᠢᠯᠲᠠ ᠶᠢ ᠳᠤᠷᠠᠳᠴᠤ᠂ ᠰᠢᠨᠵᠢᠯᠡᠬᠦ ᠮᠡᠷᠭᠡᠵᠢᠯ ᠦᠨ ᠠᠵᠢᠯ ᠲᠦᠷᠦᠯ ᠳᠦ ᠤᠶᠤᠨᠲᠤ ᠲᠦᠰᠦᠯ ᠦᠨ ᠪᠠᠷᠢᠮᠵᠢᠶ᠎ᠠ ᠶᠢ ᠲᠤᠭᠲᠠᠭᠠᠵᠤ ᠦᠭᠭᠦ ᠪᠡᠷ ᠴᠢᠷᠮᠠᠢᠭᠰᠠᠨ ᠪᠠᠢᠨ᠎ᠠ᠃ ᠦᠩᠭᠡᠷᠡᠭᠰᠡᠨ ᠬᠡᠲᠦᠨ ᠠᠷᠪᠠᠨ ᠵᠢᠯ ᠳᠦ ᠡᠨᠡᠬᠦ ᠲᠤᠷᠰᠢᠯᠲᠠ ᠨᠢ ᠬᠦᠮᠦᠨᠴᠢ ᠴᠢᠳᠠᠪᠤᠷᠢ ᠶᠢᠨ ᠮᠠᠷᠭᠤᠯᠳᠠᠭᠠᠨ ᠢ ᠨᠦᠯᠦᠭᠡᠯᠡᠭᠰᠡᠭᠡᠷ ᠢᠷᠡᠭᠰᠡᠨ ᠶᠤᠮ᠃

ᠢᠵᠢᠯᠢ ᠪᠡᠯᠭᠡᠲᠡᠨ ᠦ ᠢᠨᠠᠭᠯᠠᠯ᠂ ᠰᠦᠰᠦᠭ ᠪᠢᠰᠢᠷᠡᠯ ᠪᠠ ᠦᠬᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠵᠢᠯᠢ ᠪᠡᠯᠭᠡᠲᠡᠨ ᠦ ᠢᠨᠢᠭᠯᠠᠯ ᠨᠢ 20 ᠳ᠋ᠤᠭᠠᠷ ᠵᠠᠭᠤᠨ ᠤ ᠲᠠᠪᠢᠭᠠᠳ ᠤᠨ ᠤ ᠡᠬᠢᠨ ᠦ ᠦᠶ᠎ᠡ ᠳᠦ ᠬᠤᠯᠪᠤᠭᠠᠲᠤ ᠸᠠᠩᠳᠤ ᠤᠯᠤᠰ ᠲᠤ ᠪᠤᠯ ᠬᠠᠤᠯᠢ ᠪᠤᠰᠤ ᠶᠤᠮ᠃ ᠡᠢᠮᠦ ᠡᠴᠡ ᠲ᠋‍ᠦ᠋ᠷᠢᠩ ᠴᠠᠭᠳᠠᠭ᠎ᠠ ᠳᠤ ᠮᠡᠳᠡᠭᠳᠡᠵᠦ᠂ ᠲᠡᠷᠡ 1952 ᠤᠨ 1 ᠰᠠᠷ᠎ᠠ ᠳᠤ ᠪᠦᠯᠬᠦᠮ ᠳᠦ ᠤᠷᠤᠯᠴᠠᠭᠰᠠᠨ ᠤ ᠰᠡᠭᠦᠯᠡᠷ ᠲᠡᠭᠦᠨ ᠦ ᠭᠡᠷ ᠲᠦ ᠨᠢ ᠤᠳᠠᠰᠤᠳᠠᠵᠤ᠂ ᠲᠡᠷᠡ ᠶᠠᠯᠢᠲᠤ ᠡᠲᠡᠭᠡᠳ ᠲᠠᠢ ᠪᠡᠯᠭᠡ ᠶᠢᠨ ᠬᠠᠷᠢᠴᠠᠭ᠎ᠠ ᠡᠭᠦᠰᠦᠭᠰᠡᠨ ᠭᠡᠵᠡᠢ᠃ 19 ᠤᠨ ᠤ {}ᠨᠤᠸᠸ {} ᠮᠤᠸᠸ ᠯᠢ᠂ ᠲᠡᠷᠡ ᠬᠦᠨᠳᠦ ᠨᠤᠴᠢᠲᠠᠢ ᠵᠠᠯᠢᠭ ᠵᠠᠪᠠᠬᠠᠢ ᠠᠴᠠ ᠪᠤᠯᠵᠤ ᠪᠠᠷᠢᠪᠴᠢᠯᠠᠭᠳᠠᠵᠠᠢ ᠃ ᠲ᠋‍ᠦ᠋ᠷᠢᠩ ᠠᠷᠭ᠎ᠠ ᠪᠤᠰᠤ ᠲᠦᠷ ᠴᠠᠭ ᠡᠷᠡᠭᠦᠯ ᠰᠢᠢᠳᠬᠡᠯ ᠢ ᠬᠤᠢᠢᠰᠢᠭᠤᠯᠬᠤ ᠪᠠᠷ ᠲᠤᠭᠲᠠᠵᠤ᠂ ᠨᠦᠬᠦᠴᠡᠯ ᠨᠢ ᠲᠡᠷᠡ ᠬᠤᠷᠮᠤᠨ ᠤ ᠵᠠᠰᠠᠯᠭ᠎ᠠ ᠪᠠᠷ ᠪᠡᠯᠭᠡ ᠶᠢᠨ ᠤᠷᠠᠮᠰᠢᠯ ᠢ ᠲᠤᠷᠤᠭᠰᠢᠭᠤᠯᠬᠤ ᠪᠤᠶᠤ ᠬᠤᠷᠢᠭᠯᠠᠬᠤ ᠪᠤᠯᠤᠨ᠎ᠠ᠃ ᠲᠡᠷᠡ ᠡᠮᠦᠨᠡᠬᠢ ᠨᠦᠬᠦᠴᠡᠯ ᠢ ᠨᠢ ᠰᠤᠩᠭᠤᠬᠤ ᠶᠢᠨ ᠬᠠᠮᠲᠤ ᠳᠡᠮᠡᠢ ᠤᠳᠠᠯ ᠦᠭᠡᠢ ᠡᠮ᠎ᠡ ᠬᠤᠷᠮᠤᠨ ᠤ ᠨᠡᠢᠯᠡᠯᠭᠡ ᠶᠢᠨ ᠲᠠᠷᠢᠯᠭ᠎ᠠ ᠲᠠᠷᠢᠵᠤ ᠂ ᠨᠢᠭᠡ ᠵᠢᠯ ᠦᠨ ᠬᠢᠮᠢ ᠶᠢᠨ ᠠᠷᠭ᠎ᠠ ᠪᠡᠷ ᠵᠠᠰᠠᠵᠤ᠂ ᠡᠴᠦᠰ ᠲᠦ ᠪᠡᠨ ᠴᠢᠳᠠᠯ ᠲᠡᠩᠬᠡᠭᠡ ᠦᠭᠡᠢ ᠪᠤᠯᠵᠠᠢ᠃

ᠲᠡᠬᠦᠨ ᠳᠦ ᠶᠠᠯ᠎ᠠ ᠲᠤᠭᠲᠠᠭᠠᠭᠰᠠᠨ ᠠᠴᠠ ᠪᠤᠯᠵᠤ᠂ ᠲ᠋‍ᠦ᠋ᠷᠢᠩ ᠦᠨ ᠠᠮᠤᠷ ᠲᠦᠪᠰᠢᠨ ᠦ ᠵᠦᠪᠰᠢᠶᠡᠷᠡᠯ ᠢ ᠦᠭᠡᠢᠰᠬᠡᠵᠦ᠂ ᠲᠡᠭᠦᠨ ᠳᠦ ᠨᠢᠭᠤᠴᠠᠬᠠᠢ ᠮᠡᠷᠭᠡᠵᠢᠯ GCCS ᠦᠷᠭᠦᠯᠵᠢᠯᠡᠨ ᠬᠡᠷᠡᠭᠯᠡᠬᠦ ᠶᠢ ᠬᠤᠷᠢᠭᠯᠠᠵᠤ᠂ 1946 ᠤᠨ ᠳᠤ ᠡᠴᠦᠰ ᠲᠦ ᠪᠡᠨ GCHQ ᠪᠤᠯᠵᠠᠢ᠃

ᠲ᠋‍ᠦ᠋ᠷᠢᠩ 1954 ᠤᠨ ᠤ 6 ᠰᠠᠷ᠎ᠠ ᠶᠢᠨ 17{ ᠤ }ᠡᠳᠦᠷ ᠨᠠᠰᠤ ᠪᠠᠷᠠᠵᠠᠢ᠃ ᠨᠠᠰᠤ ᠪᠠᠷᠠᠭᠰᠠᠨ ᠤ ᠳᠠᠷᠠᠭᠠᠬᠢ ᠪᠠᠢᠴᠠᠭᠠᠯᠲᠠ ᠪᠠᠷ ᠳᠠᠮᠵᠢᠨ ᠦᠬᠦᠯ ᠦᠨ ᠦᠨᠳᠦᠰᠦᠨ ᠰᠢᠯᠲᠠᠭᠠᠨ ᠨᠢ{ ᠽᠢᠶᠠᠨᠲᠤ }ᠨᠢᠭᠡᠳᠪᠦᠷᠢ ᠳᠦ ᠬᠤᠤᠷᠳᠠᠭᠰᠠᠨ ᠭᠡᠵᠡᠢ᠃ ᠬᠡᠳᠦᠢᠪᠡᠷ ᠲᠡᠭᠦᠨ ᠦ ᠬᠤᠲᠤᠭᠠᠳᠤᠨ ᠳᠤ ᠠᠯᠮᠤᠷᠠᠳ ᠪᠠᠢᠭᠰᠠᠨ ᠦᠭᠡᠢ ᠪᠤᠯᠪᠠᠴᠤ ᠲᠡᠬᠦᠨ ᠦ ᠪᠡᠶ᠎ᠡ ᠶᠢᠨ ᠬᠠᠵᠠᠭᠤ ᠠᠴᠠ ᠨᠢᠭᠡᠨ ᠠᠯᠮᠤᠷᠠᠳ ᠤᠨ ᠬᠡᠭᠦᠷ ᠢ ᠢᠯᠡᠷᠡᠬᠦᠯᠵᠡᠢ᠃ ᠪᠡᠶ᠎ᠡ ᠶᠢᠨ ᠴᠢᠬᠤᠯᠠ ᠡᠷᠭᠡᠲᠡᠨ ᠦ ᠲᠤᠲᠤᠷ᠎ᠠ ᠠᠴᠠ ᠪᠠᠰᠠ ᠬᠦᠢᠯᠠᠰᠦᠨ ᠴᠦᠮ᠎ᠠ ᠶᠢᠨ ᠤᠯᠠ ᠮᠦᠷ ᠢᠯᠡᠷᠡᠵᠦ᠂ ᠬᠡᠭᠦᠷ ᠢ ᠪᠠᠢᠴᠠᠭᠠᠭᠰᠠᠨ ᠤ ᠦᠷ᠎ᠡ {ᠳᠤᠩ} { ᠳᠦ} { ᠽᠢᠶᠠᠨᠲᠤ }ᠨᠢᠭᠡᠳᠪᠦᠷᠢ ᠳᠦ ᠬᠤᠤᠷᠳᠠᠭᠳᠠᠵᠤ᠂ ᠪᠠᠰᠠ ᠪᠡᠶ᠎ᠡ ᠪᠡᠨ ᠬᠤᠤᠷᠯᠠᠭᠰᠠᠨ ᠪᠠᠢᠵᠤ ᠮᠡᠳᠡᠨ᠎ᠡ ᠭᠡᠵᠦ ᠲᠠᠭᠠᠮᠠᠭᠯᠠᠵᠠᠢ᠃

2012 ᠤᠨ ᠤ6 ᠰᠠᠷ᠎ᠠ ᠶᠢᠨ ᠠᠩᠭ᠍ᠯᠢ ᠶᠢᠨ{ ᠷᠢᠳᠢᠦᠦ}ᠨᠠᠪᠲᠡᠷᠡᠭᠦᠯᠭᠡ ᠶᠢᠨ ᠺᠤᠮᠫᠠᠨᠢ ᠶᠢᠨ ᠨᠢᠭᠡᠨ ᠤᠬᠤᠷ ᠵᠤᠬᠢᠶᠠᠯ ᠳᠤᠮᠳᠠ ᠂ ᠭᠦᠨ ᠤᠬᠠᠭᠠᠨᠲᠠᠨ ᠪᠠ ᠲ᠋‍ᠦ᠋ᠷᠢᠩ ᠦᠨ ᠲᠤᠰᠬᠠᠢ ᠮᠡᠷᠭᠡᠵᠢᠯᠲᠡᠨ ᠵᠢᠶᠸ ᠺᠸ ᠫᠦᠦ ᠯᠢᠨ ᠦ ᠤᠵᠡᠬᠦ ᠪᠡᠷ ᠲ᠋‍ᠦ᠋ᠷᠢᠩ ᠦᠨ ᠦᠬᠦᠭᠰᠡᠨ ᠨᠢ ᠨᠢᠭᠡᠨ ᠤᠳᠡᠭᠠᠨ ᠤ ᠭᠡᠨᠡᠳᠲᠠ ᠶᠢᠨ ᠡᠨᠳᠡᠯ᠂ ᠠᠯᠮᠤᠷᠠᠳ ᠲᠤ ᠶᠡᠷᠦ ᠨᠢ {ᠽᠢᠶᠠᠨᠲᠤ }ᠨᠢᠭᠡᠳᠪᠦᠷᠢ ᠶᠢᠨ ᠪᠠᠢᠴᠠᠭᠠᠯᠲᠠ ᠬᠢᠭᠰᠡᠨ ᠦᠭᠡᠢ᠂ ᠲ᠋‍ᠦ᠋ᠷᠢᠩ ᠦᠨ ᠡᠴᠦᠰ ᠦᠨ ᠬᠡᠳᠦᠨ ᠡᠳᠦᠷ ᠦᠨ ᠲᠡᠮᠳᠡᠭᠡᠯᠡᠯ ᠨᠢ ᠪᠦᠷ ᠲᠡᠭᠦᠨ ᠦ ᠪᠡᠶ᠎ᠡ ᠪᠡᠨ ᠬᠤᠤᠷᠯᠠᠭᠰᠠᠨ ᠢ ᠲᠤᠰᠬᠠᠵᠤ ᠂ ᠮᠦᠨ ᠴᠤ ᠲ᠋‍ᠦ᠋ᠷᠢᠩ ᠲᠡᠭᠦᠨ ᠦ ᠰᠤᠯᠠ ᠰᠡᠯᠡᠭᠦᠦ ᠤᠷᠤᠭᠡᠨ ᠳᠦ ᠪᠡᠨ {ᠽᠢᠶᠠᠨᠲᠤ }ᠨᠢᠭᠡᠳᠪᠦᠷᠢ ᠶᠢᠨ ᠲᠤᠷᠰᠢᠯᠲᠠ ᠬᠢᠵᠤ ᠪᠠᠢᠭᠰᠠᠨ ᠭᠡᠵᠡᠢ᠃

ᠪᠢᠴᠢᠭᠡᠰᠦ