РТ-2 ПМ 2 ᠲᠣᠫᠣᠯᠢ-ᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

РТ-2 ПМ 2 "ᠲᠣᠫᠣᠯᠢ-ᠮ" ᠨᠢ ᠣᠷᠣᠰ ᠬᠣᠯᠪᠣᠭᠠᠨ ᠤ ᠤᠯᠤᠰ ᠤᠨ ᠵᠡᠪᠰᠡᠭᠲᠦ ᠬᠦᠴᠦᠩᠳᠡ 1997 ᠣᠨ ᠠᠴᠠ ᠨᠡᠪᠲᠡᠷᠡᠭᠰᠡᠨ ᠰᠠᠭᠤᠷᠢᠨ ᠪᠠ ᠶᠠᠪᠤᠭᠤᠯ ᠤᠨ ᠰᠠᠭᠤᠷᠢᠨ ᠠᠴᠠ ᠬᠠᠷᠪᠤᠬᠤ ᠵᠣᠷᠢᠭᠤᠯᠤᠯᠲᠠ ᠲᠠᠢ ᠲᠢᠪ ᠠᠯᠭᠠᠰᠠᠭᠴᠢ ᠴᠥᠮ᠎ᠡ ᠶᠢᠨ ᠫᠤᠤᠵᠢᠩ ᠪᠣᠯᠤᠨ᠎ᠠ᠃ ᠭᠤᠷᠪᠠᠨ ᠱᠠᠲᠤᠯᠠᠯᠲᠠ ᠫᠤᠤᠵᠢᠩ ᠳᠡᠭᠡᠷ᠎ᠡ ᠰᠠᠭᠤᠷᠢᠯᠠᠭᠰᠠᠨ ᠬᠥᠭᠡᠷᠬᠦ ᠦᠶ᠎ᠡ ᠶᠢᠨ ᠵᠢᠩ ᠨᠢ 47200 ᠺᠢᠯᠣᠭ᠍ᠷᠠᠮ ᠪᠠ 1000-1200 ᠺᠢᠯᠣᠭ᠍ᠷᠠᠮ ᠠᠴᠢᠶ᠎ᠠ ᠲᠡᠭᠡᠭᠡᠨ᠎ᠡ᠂ 550 ᠺᠲ᠋ᠨ ᠶᠢᠨ ᠨᠢᠭᠡ ᠴᠥᠮ᠎ᠡ ᠶᠢᠨ ᠴᠡᠨᠡᠭᠲᠦ ᠬᠣᠰᠢᠭᠤ ᠡᠰᠡᠪᠡᠯ 6 ᠬᠦᠷᠲᠡᠯᠡᠬᠢ ᠵᠢᠵᠢᠭᠷᠡᠭᠦᠯᠦᠭᠰᠡᠨ ᠴᠡᠨᠡᠭᠲᠦ ᠬᠣᠰᠢᠭᠤ ᠨᠤᠭᠤᠳ ᠢ ᠬᠠᠭᠤᠷᠮᠠᠴᠢ ᠬᠣᠰᠢᠭᠤ ᠲᠠᠢ ᠬᠠᠮᠲᠤ ᠲᠡᠭᠡᠭᠡᠨ᠎ᠡ᠂ ᠳᠣᠭᠣᠳᠤ ᠲᠠᠯ᠎ᠠ ᠨᠢ 2000 ᠺᠢᠯᠣᠮᠧᠲ᠋ᠷ ᠪᠠ ᠳᠡᠭᠡᠳᠦ ᠲᠠᠯ᠎ᠠ ᠨᠢ 10500 ᠺᠢᠯᠣᠮᠧᠲ᠋ᠷ ᠲᠤᠰᠬᠠᠯ ᠲᠠᠢ᠃ ᠭᠯᠤᠨᠠᠰ ᠪᠠ ᠺᠣᠮᠫᠢᠶᠦ᠋ᠲ᠋ᠧᠷ ᠦᠨ ᠤᠳᠤᠷᠢᠳᠤᠯᠭ᠎ᠠ ᠲᠠᠢ᠂ 200 ᠮ ᠦᠨ ᠨᠠᠷᠢᠪᠴᠢᠯᠠᠯ ᠲᠠᠢ᠃ 2010 ᠣᠨ ᠤ ᠰᠡᠭᠦᠯᠡᠷ ᠣᠷᠣᠰ ᠤᠨ ᠪᠠᠶᠢᠯᠳᠣᠬᠣ ᠪᠣᠳᠣᠯᠭ᠎ᠠ ᠶᠢᠨ ᠫᠤᠤᠵᠢᠩ ᠤᠨ ᠬᠦᠴᠦᠩᠳᠡ 70 ᠰᠢᠷᠬᠡᠭ ᠲᠣᠫᠣᠯᠢ-ᠮ ᠫᠤᠤᠵᠢᠩ 52 ᠨᠢ ᠭᠠᠵᠠᠷ ᠲᠤ ᠪᠠ 18 ᠨᠢ ᠮᠠᠰᠢᠨ ᠳᠤ ᠰᠠᠭᠤᠷᠢᠯᠠᠭᠳᠠᠨ ᠰᠢᠯᠵᠢᠭᠦᠯᠡᠭᠳᠡᠭᠰᠡᠨ᠃

ᠪᠢᠴᠢᠭᠡᠰᠦ