ᠳᠠᠷᠬᠠᠯᠠᠯ ᠤᠨ ᠣᠯᠳᠠᠮᠠᠯ ᠬᠣᠮᠰᠠᠳᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ДОХ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠤᠯᠠᠭᠠᠨ ᠲᠤᠤᠵᠠ ᠨᠢ ᠳᠡᠯᠡᠬᠡᠢ ᠶᠢᠨ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠬᠠᠯᠳᠠᠪᠤᠷᠢᠲᠠᠢ ᠪᠣᠯᠤᠨ᠂ ᠳᠠᠷᠬᠠᠯᠠᠯ ᠤᠨ ᠣᠯᠳᠠᠮᠠᠯ ᠬᠣᠮᠰᠠᠳᠠᠯ ᠶᠢᠡᠷ ᠡᠪᠡᠳᠦᠭᠰᠡᠨ ᠬᠦᠮᠦᠰ ᠦᠨ ᠡᠪ ᠰᠠᠨᠠᠭᠠᠨ ᠤ ᠨᠢᠭᠡᠳᠦᠯ᠂ ᠢᠲᠡᠭᠡᠯ ᠨᠠᠶᠢᠳᠠᠪᠤᠷᠢ ᠶᠢᠨ ᠪᠡᠯᠭᠡ ᠲᠡᠮᠳᠡᠭ ᠶᠤᠮ᠃

ᠳᠠᠷᠬᠠᠯᠠᠯ ᠤᠨ ᠣᠯᠳᠠᠮᠠᠯ ᠬᠣᠮᠰᠠᠳᠠᠯᠠᠩᠭᠯᠢ ᠪᠠᠷ acquired immune deficiency syndrome(Aids)ᠬᠢᠲᠠᠳ ᠢᠶᠠᠷ 获得性免疫缺陷综合征 ︵艾滋病︶︶ ᠨᠢ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ (ᠠᠩᠭᠯᠢ ᠪᠠᠷ Human immunodeficiency virus (HIV)) ᠬᠦᠮᠦᠰ ᠲᠦ ᠬᠠᠯᠳᠠᠪᠤᠷᠢᠯᠠᠵᠤ᠂ ᠳᠠᠷᠬᠠᠯᠠᠯ ᠤᠨ ᠲᠣᠭᠲᠠᠯᠴᠠᠭ᠎ᠠ ᠶᠢ (免疫系统) ᠭᠡᠮᠲᠦᠭᠡᠭᠰᠡᠨ ᠡᠴᠡ ᠡᠭᠦᠰᠳᠡᠭ ᠡᠪᠡᠳᠴᠢᠨ[1] ᠶᠤᠮ᠃ ᠲᠤᠰ ᠡᠪᠡᠳᠴᠢᠨ ᠦ ᠲᠡᠭᠦᠰᠬᠡᠯ ᠦᠨ ᠱᠠᠲᠤ ᠨᠢ ᠲᠤᠬᠠᠢ ᠶᠢᠨ ᠬᠦᠮᠦᠨ ᠢ ᠠᠯᠢᠪᠠ ᠬᠠᠯᠳᠠᠪᠤᠷᠢ ᠪᠣᠯᠤᠨ ᠬᠠᠪᠤᠳᠠᠷ ᠤᠨ ᠡᠪᠡᠳᠴᠢᠨ ᠦ ᠡᠰᠡᠷᠬᠦ ᠬᠠᠮᠠᠭᠠᠯᠠᠬᠤ ᠴᠢᠳᠠᠪᠤᠷᠢ ᠦᠭᠡᠢ ᠪᠣᠯᠭᠠᠳᠠᠭ᠃ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠡᠰᠡᠷᠬᠦ ᠡᠮᠴᠢᠯᠡᠭᠡ ᠨᠢ ᠵᠥᠪᠬᠡᠨ ᠸᠢᠷᠦᠰ ᠤᠨ ᠬᠥᠭᠵᠢᠯ ᠢ ᠰᠠᠭᠠᠷᠮᠠᠭᠵᠢᠭᠤᠯᠬᠤ ᠯᠠ ᠲᠡᠳᠦᠢ ᠪᠠᠶᠢᠭ᠎ᠠ ᠪᠥᠭᠡᠳ ᠣᠳᠣ ᠪᠠᠷ ᠮᠡᠳᠡᠭᠳᠡᠵᠦ ᠪᠤᠢ ᠪᠦᠷᠢᠨ ᠲᠡᠭᠦᠰ ᠡᠮᠴᠢᠯᠡᠭᠡ ᠪᠠᠶᠢᠬᠤ ᠦᠭᠡᠢ ᠪᠠᠶᠢᠨ᠎ᠠ᠃ 2009 ᠣᠨ ᠤ ᠪᠠᠶᠢᠳᠠᠯ ᠢᠶᠠᠷ 3000 ᠲᠦᠮᠡ ᠰᠢᠬᠠᠮ ᠬᠦᠮᠦᠨ ᠡᠨᠡ ᠡᠪᠡᠳᠴᠢᠨ ᠢᠶᠡᠷ ᠨᠠᠰᠤ ᠪᠠᠷᠠᠭᠰᠠᠨ ᠪᠣᠯ 2010 ᠣᠨ ᠤ ᠪᠠᠶᠢᠳᠠᠯ ᠢᠶᠠᠷ ᠳᠡᠯᠡᠬᠡᠢ ᠳᠡᠭᠡᠷ᠎ᠡ ᠳᠠᠷᠬᠠᠯᠠᠯ ᠤᠨ ᠣᠯᠳᠠᠮᠠᠯ ᠬᠣᠮᠰᠠᠳᠠᠯ ᠶᠢᠨ ᠬᠠᠯᠳᠠᠪᠤᠷᠢ ᠠᠪᠤᠭᠰᠠᠨ ᠨᠡᠶᠢᠲᠡ 3400 ᠲᠦᠮᠡ ᠰᠢᠬᠠᠮ ᠬᠦᠮᠦᠨ ᠠᠮᠢᠳᠤᠷᠠᠵᠤ ᠪᠠᠶᠢᠭ᠎ᠠ ᠶᠢᠨ 2500 ᠲᠦᠮᠡ ᠨᠢ 15 ᠬᠦᠷᠲᠡᠯᠡᠬᠢ ᠨᠠᠰᠤᠨ ᠤ ᠬᠡᠦᠬᠡᠳ ᠪᠠᠶᠢᠨ᠎ᠠ᠃

ᠨᠡᠷᠡᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠢᠷᠢᠯ ᠶᠢᠡᠷ
 • ХДХВ-Хүний Дархлал Хомсдолын Вирус ︵ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ-ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ︶
 • ДОХ- Дархлалын Олдмол Хомсдол ︵ᠳᠠᠷᠬᠠᠯᠠᠯ ᠤᠨ ᠣᠯᠳᠠᠮᠠᠯ ᠬᠣᠮᠰᠠᠳᠠᠯ- ᠳᠠᠷᠬᠠᠯᠠᠯ ᠤᠨ ᠣᠯᠳᠠᠮᠠᠯ ᠬᠣᠮᠰᠠᠳᠠᠯ︶
ᠥᠪᠤᠷ ᠮᠣᠩᠭᠤᠯ ᠳᠤ
 • ᠠᠶᠢᠽᠢ ᠡᠪᠡᠳᠴᠢᠨ
ᠬᠢᠲᠠᠳ ᠶᠢᠡᠷ
 • 艾滋病

ᠬᠠᠯᠳᠠᠪᠤᠷᠢ ᠳᠠᠮᠵᠢᠬᠤ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠪᠡᠯᠭᠡ ᠶᠢᠨ ᠵᠠᠮ: ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠪᠤᠶᠤ ᠳᠠᠷᠬᠠᠯᠠᠯ ᠤᠨ ᠣᠯᠳᠠᠮᠠᠯ ᠬᠣᠮᠰᠠᠳᠠᠯ ᠤᠨ ᠬᠠᠯᠳᠠᠪᠤᠷᠢᠲᠠᠢ ᠬᠦᠮᠦᠨ ᠲᠡᠢ ᠬᠠᠮᠠᠭᠠᠯᠠᠯᠲᠠ ᠦᠭᠡᠢ ᠪᠤᠶᠤ ᠪᠡᠯᠭᠡᠪᠴᠢ ᠦᠭᠡᠢ ᠪᠡᠯᠭᠡ ᠶᠢᠨ ᠬᠠᠪᠢᠲᠠᠯ ᠳᠤ ᠤᠷᠤᠬᠤ᠃
 • ᠴᠢᠰᠤ ᠪᠠᠷ: ᠬᠠᠯᠳᠠᠪᠤᠷᠢᠯᠠᠭᠳᠠᠭᠰᠠᠨ ᠴᠢᠰᠤ᠂ ᠴᠢᠰᠤᠨ ᠪᠦᠲᠦᠭᠡᠭᠳᠡᠬᠦᠨ ᠰᠡᠯᠪᠢᠭᠦᠯᠬᠦ᠂ ᠡᠳ᠋ ᠡᠷᠬᠡᠲᠡᠨ ᠰᠢᠯᠵᠢᠭᠦᠯᠦᠨ ᠰᠠᠭᠤᠯᠭᠠᠬᠤ᠂ ᠵᠡᠭᠦᠦ ᠲᠠᠷᠢᠭᠤᠷ ᠢ ᠳᠠᠮᠵᠢᠭᠤᠯᠠᠨ ᠬᠡᠷᠡᠭᠯᠡᠬᠦ
 • ᠡᠬᠡ ᠡᠴᠡ ᠬᠡᠦᠬᠡᠳ ᠲᠦ: ᠵᠢᠷᠮᠦᠰᠦᠨ ᠦᠶ᠎ᠡ ᠳᠦ᠂ ᠲᠥᠷᠥᠬᠦ ᠦᠶ᠎ᠡ ᠳᠦ ᠪᠣᠯᠤᠨ ᠲᠥᠷᠦᠭᠰᠡᠨ ᠦ ᠳᠠᠷᠠᠭ᠎ᠠ ᠬᠥᠬᠦᠨ ᠦ ᠰᠦ᠋ ᠍ ᠍ ᠪᠡᠷ᠃

ᠬᠠᠯᠳᠠᠪᠤᠷᠢ ᠳᠠᠮᠵᠢᠬᠤ ᠦᠭᠡᠢ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠬᠦᠮᠦᠨ ᠦ ᠪᠡᠶ᠎ᠡ ᠶᠢᠨ ᠭᠠᠳᠠᠨ᠎ᠠ ᠤᠳᠠᠭᠠᠨ ᠠᠮᠢᠳᠤᠷᠠᠵᠤ ᠴᠢᠳᠠᠳᠠᠭ ᠦᠭᠡᠢ ᠤᠴᠢᠷ ᠠᠴᠠ

 • ᠰᠢᠯᠦᠰᠦ
 • ᠨᠤᠯᠮᠤᠰᠤ
 • ᠬᠣᠭᠣᠯᠠ ᠬᠦᠨᠡᠰᠦ᠂ ᠠᠶᠠᠭ᠎ᠠ ᠬᠠᠯᠪᠠᠭ᠎ᠠ ᠪᠠᠷ
 • ᠠᠭᠠᠷ ᠳᠤᠰᠤᠯ ᠤᠨ ᠵᠠᠮ /ᠬᠠᠨᠢᠶᠠᠬᠤ᠂ ᠨᠠᠶᠢᠲᠠᠭᠠᠬᠤ ᠵᠡᠷᠭᠡ ᠳᠦ ᠰᠢᠯᠦᠰᠦ ᠪᠡᠷ/
 • ᠰᠢᠮᠠᠭᠤᠯ ᠪᠣᠯᠤᠨ ᠪᠤᠰᠤᠳ ᠲᠥᠷᠥᠯ ᠦᠨ ᠬᠣᠷᠣᠬᠠᠢ ᠰᠢᠪᠠᠵᠢ
 • ᠬᠠᠮᠲᠤ ᠠᠮᠢᠳᠤᠷᠠᠬᠤ᠂ ᠠᠵᠢᠯᠯᠠᠬᠤ᠂ ᠰᠤᠷᠤᠯᠴᠠᠬᠤ
 • ᠲᠡᠪᠡᠷᠢᠬᠦ᠂ ᠦᠨᠦᠰᠬᠦ
 • ᠤᠰᠤᠨ ᠳᠤ ᠤᠮᠪᠠᠬᠤ᠂ ᠬᠠᠯᠠᠭᠤᠨ ᠤᠰᠤ᠂ ᠪᠡᠶ᠎ᠡ ᠵᠠᠰᠠᠬᠤ ᠭᠠᠵᠠᠷ ᠵᠡᠷᠭᠡ ᠳᠦ ᠤᠷᠤᠬᠤ ᠵᠡᠷᠭᠡ ᠨᠢ ᠠᠶᠤᠯ ᠦᠭᠡᠢ ᠶᠤᠮ᠃ ᠭᠡᠬᠦ ᠳᠦ ᠪᠡᠨ ᠰᠢᠳᠦᠨ ᠦ ᠱᠤᠸᠠᠵᠠ᠂ ᠰᠠᠬᠠᠯ ᠤᠨ ᠬᠢᠲᠤᠭ᠎ᠠ ᠵᠡᠷᠭᠡ ᠠᠷᠠᠰᠤ ᠰᠠᠯᠢᠰᠤᠲᠤ ᠭᠡᠮᠲᠦᠭᠡᠳᠡᠭ ᠪᠠᠭᠠᠵᠢ ᠬᠡᠷᠡᠭᠰᠡᠯ ᠢ ᠬᠠᠮᠲᠤᠷᠠᠨ ᠬᠡᠷᠡᠭᠯᠡᠬᠦ ᠨᠢ ᠠᠶᠤᠯ ᠲᠠᠢ ᠶᠤᠮ᠃

ᠰᠢᠨᠵᠢ ᠲᠡᠮᠳᠡᠭ᠂ ᠶᠠᠪᠤᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠨᠢ ᠬᠦᠮᠦᠨ ᠦ ᠳᠠᠷᠬᠠᠯᠠᠯ ᠤᠨ ᠲᠣᠭᠲᠠᠯᠴᠠᠭ᠎ᠠ ᠶᠢ ᠭᠡᠮᠲᠦᠭᠡᠵᠦ ᠳᠠᠷᠬᠠᠯᠠᠭ᠎ᠠ ᠶᠢ ᠪᠠᠭ᠎ᠠ ᠪᠠᠭ᠎ᠠ ᠪᠠᠷ ᠰᠤᠯᠠᠷᠠᠭᠤᠯᠤᠭᠰᠠᠭᠠᠷ ᠠᠯᠳᠠᠭᠳᠠᠭᠤᠯᠳᠠᠭ᠃ ᠲᠤᠬᠠᠢ ᠶᠢᠨ ᠬᠦᠮᠦᠨ ᠦ ᠪᠡᠶ᠎ᠡ ᠶᠢᠨ ᠡᠰᠡᠷᠭᠦᠴᠡᠯ ᠡᠴᠡ ᠬᠠᠮᠢᠶᠠᠷᠴᠤ ᠳᠠᠷᠬᠠᠯᠠᠯ ᠤᠨ ᠲᠣᠭᠲᠠᠯᠴᠠᠭ᠎ᠠ ᠶᠢ ᠭᠡᠮᠲᠦᠭᠡᠬᠦ ᠶᠠᠪᠤᠴᠠ ᠨᠢ 6 ᠰᠠᠷ᠎ᠠ ᠠᠴᠠ 10 ᠭᠠᠷᠤᠢ ᠵᠢᠯ ᠦᠷᠭᠦᠯᠵᠢᠯᠡᠬᠦ ᠪᠥᠭᠡᠳ ᠡᠨᠡ ᠬᠤᠭᠤᠴᠠᠭᠠᠨ ᠳᠤ ᠲᠤᠬᠠᠢ ᠶᠢᠨ ᠬᠦᠮᠦᠨ ᠳᠦ ᠵᠣᠪᠠᠭᠤᠷᠢ ᠢᠯᠡᠷᠡᠬᠦ ᠦᠭᠡᠢ ᠡᠷᠡᠭᠦᠯ ᠬᠦᠮᠦᠨ ᠰᠢᠭ ᠪᠠᠶᠢᠬᠤ ᠪᠣᠯᠪᠠᠴᠤ᠂ ᠪᠤᠰᠤᠳ ᠲᠤ ᠬᠠᠯᠳᠠᠪᠤᠷᠢ ᠲᠠᠷᠠᠭᠠᠬᠤ ᠪᠤᠯᠤᠮᠵᠢ ᠲᠡᠢ ᠪᠠᠶᠢᠳᠠᠭ᠃ ᠡᠨᠡ ᠦᠶ᠎ᠡ ᠳᠦ ᠸᠢᠷᠦᠰ ᠵᠥᠪᠬᠡᠨ ᠳᠠᠷᠬᠠᠯᠠᠯ ᠤᠨ ᠲᠣᠭᠲᠠᠯᠴᠠᠭᠠᠨ ᠳᠤ ᠴᠢᠬᠤᠯᠠ ᠡᠭᠦᠷᠭᠡ ᠲᠡᠢ T4 ᠡᠰ ᠢ ᠭᠡᠮᠲᠦᠭᠡᠳᠡᠭ᠃

ᠳᠠᠷᠬᠠᠯᠠᠯ ᠤᠨ ᠰᠢᠰᠲ᠋ᠧᠮ ᠰᠤᠯᠠᠷᠠᠬᠤ ᠲᠤᠰᠤᠮ ᠲᠤᠬᠠᠢ ᠶᠢᠨ ᠬᠦᠮᠦᠨ ᠵᠢᠩ ᠶᠢᠡᠨ ᠠᠯᠳᠠᠵᠤ᠂ ᠶᠠᠳᠠᠷᠠᠮᠠᠲᠠᠭᠠᠢ ᠪᠣᠯᠵᠤ᠂ ᠶᠠᠩᠵᠤ ᠪᠦᠷᠢ ᠶᠢᠨ ᠠᠷᠠᠰᠤᠨ ᠤ ᠡᠪᠡᠳᠴᠢᠨ᠂ ᠡᠯᠳᠡᠪ ᠶᠠᠷ᠎ᠠ ᠰᠢᠷᠬ᠎ᠠ᠂ ᠮᠥᠭᠥᠨᠴᠢᠷ ᠪᠣᠯᠤᠨ ᠰᠢᠩᠭᠡᠨ ᠠᠯᠳᠠᠬᠤ ᠵᠡᠷᠭᠡ ᠪᠡᠷ ᠠᠯᠢᠪᠠ ᠬᠠᠯᠳᠠᠪᠤᠷᠢᠲᠤ ᠥᠷᠲᠦᠮᠡᠲᠡᠭᠡᠢ ᠪᠣᠯᠳᠠᠭ᠃ ᠤᠯᠠᠮ ᠢᠶᠠᠷ ᠠᠭᠤᠰᠭᠢᠨ ᠦ ᠦᠷᠪᠢᠰᠦᠯ᠂ ᠬᠣᠮᠣᠬᠠᠢ᠂ ᠰᠦᠷᠢᠶ᠎ᠡ᠂ ᠬᠣᠣᠷᠲᠤ ᠬᠠᠪᠤᠳᠠᠷ ᠵᠡᠷᠭᠡ ᠢᠯᠡᠭᠦᠦ ᠨᠣᠴᠢᠲᠠᠢ ᠬᠦᠨᠳᠦ ᠡᠪᠡᠳᠴᠢᠨ ᠨᠦᠭᠦᠳ ᠲᠦ ᠥᠷᠲᠥᠨ᠎ᠡ᠃ ᠳᠠᠷᠬᠠᠯᠠᠯ ᠤᠨ ᠣᠯᠳᠠᠮᠠᠯ ᠬᠣᠮᠰᠠᠳᠠᠯ ᠡᠪᠡᠳᠴᠢᠨ ᠦ ᠦᠶ᠎ᠡ ᠳᠦ ᠶᠠᠮᠠᠷ ᠴᠤ ᠰᠢᠯᠲᠠᠭᠠᠨ ᠦᠭᠡᠢ ᠪᠡᠷ ᠳᠠᠷᠠᠭᠠᠬᠢ ᠰᠢᠨᠵᠢ ᠲᠡᠮᠳᠡᠭ ᠦᠳ ᠶᠡᠬᠡᠩᠬᠢ ᠳᠦ ᠪᠡᠨ ᠢᠯᠡᠷᠡᠳᠡᠭ᠃

 • ᠪᠡᠶ᠎ᠡ ᠶᠢᠨ ᠵᠢᠩ ᠪᠠᠭᠤᠷᠠᠬᠤ
 • ᠪᠠᠶᠢᠩᠭᠤ ᠶᠠᠳᠠᠷᠠᠬᠤ
 • ᠰᠥᠨᠢ ᠬᠥᠯᠥᠷᠡᠬᠦ
 • ᠬᠥᠵᠦᠭᠦᠦ᠂ ᠰᠤᠭᠤ᠂ ᠴᠠᠪᠢᠨ ᠤ ᠪᠤᠯᠴᠢᠷᠬᠠᠢ ᠲᠣᠮᠣᠷᠠᠬᠤ
 • ᠠᠮᠢᠰᠬᠤᠭᠠᠳᠠᠬᠤ᠂ ᠬᠠᠭᠤᠷᠠᠢ ᠬᠠᠨᠢᠶᠠᠬᠤ

ᠨᠢᠭᠡᠨᠲᠡ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠬᠦᠮᠦᠨ ᠦ ᠳᠠᠷᠬᠠᠯᠠᠭ᠎ᠠ ᠶᠢ ᠤᠰᠠᠳᠬᠠᠵᠤ ᠳᠠᠷᠬᠠᠯᠠᠯ ᠤᠨ ᠣᠯᠳᠠᠮᠠᠯ ᠬᠣᠮᠰᠠᠳᠠᠯ ᠡᠪᠡᠳᠴᠢᠨ ᠦ ᠱᠠᠲᠤᠨ ᠳᠤ ᠬᠦᠷᠦᠭᠰᠡᠨ ᠨᠥᠬᠥᠴᠡᠯ ᠳᠦ ᠡᠪᠡᠳᠴᠢᠲᠡᠨ ᠬᠦᠨᠳᠦᠪᠲᠦᠷ ᠬᠠᠯᠳᠠᠪᠤᠷᠢ ᠶᠢᠨ ᠤᠯᠠᠮ ᠠᠴᠠ ᠶᠡᠬᠡᠪᠴᠢᠯᠡᠨ 1-2 ᠵᠢᠯ ᠦᠨ ᠳᠣᠲᠣᠷ᠎ᠠ ᠨᠠᠰᠤ ᠪᠠᠷᠳᠠᠭ᠃

ᠢᠯᠡᠷᠡᠭᠦᠯᠦᠯᠲᠡ᠂ ᠰᠢᠨᠵᠢᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠬᠠᠯᠳᠠᠪᠤᠷᠢ ᠶᠢ ᠴᠢᠰᠤ᠂ ᠰᠢᠭᠡᠰᠦ᠂ ᠰᠢᠯᠦᠰᠦᠨ ᠡᠴᠡ ᠳᠡᠭᠡᠵᠢ ︵sample︶ ᠠᠪᠴᠤ ᠰᠢᠨᠵᠢᠯᠡᠭᠡ ᠪᠡᠷ ᠢᠯᠡᠷᠡᠭᠦᠯᠳᠡᠭ᠃ ᠬᠦᠮᠦᠨ ᠦ ᠴᠢᠰᠤᠨ ᠳᠤ ᠡᠰᠡᠷᠬᠦ ᠪᠡᠶ᠎ᠡ 4-8 ᠳᠣᠯᠣᠭ᠎ᠠ ᠬᠣᠨᠣᠭ ᠤᠨ ᠳᠠᠷᠠᠭ᠎ᠠ ᠶᠡᠬᠡᠪᠴᠢᠯᠡᠨ ᠢᠯᠡᠷᠡᠳᠡᠭ ᠴᠤ ᠵᠢᠷᠭᠤᠭᠠᠨ ᠰᠠᠷ᠎ᠠ ᠬᠦᠷᠲᠡᠯ᠎ᠡ ᠬᠤᠭᠤᠴᠠᠭᠠᠨ ᠳᠤ ᠴᠤ ᠢᠯᠡᠷᠡᠬᠦ ᠦᠭᠡᠢ ᠪᠠᠶᠢᠵᠤ ᠪᠣᠯᠳᠠᠭ᠃ ᠬᠠᠯᠳᠠᠪᠤᠷᠢ ᠠᠪᠤᠭᠰᠠᠨ ᠠᠴᠠ ᠴᠢᠰᠤᠨ ᠳᠤ ᠡᠰᠡᠷᠬᠦ ᠪᠡᠶ᠎ᠡ ᠢᠯᠡᠷᠡᠬᠦ ᠬᠦᠷᠲᠡᠯᠡᠬᠢ ᠬᠤᠭᠤᠴᠠᠭ᠎ᠠ ᠶᠢ 《 ᠴᠣᠩᠬᠣ ᠦᠶ᠎ᠡ 》 ᠭᠡᠨ᠎ᠡ᠃ ᠴᠣᠩᠬᠣ ᠦᠶ᠎ᠡ ᠳᠦ ᠰᠢᠨᠵᠢᠯᠡᠭᠡ ᠪᠡᠷ ᠬᠠᠯᠳᠠᠪᠤᠷᠢᠲᠠᠢ ᠪᠠᠶᠢᠭᠰᠠᠨ ᠴᠤ ᠢᠯᠡᠷᠡᠬᠦ ᠦᠭᠡᠢ᠃

ᠡᠮᠴᠢᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠯᠠᠯ ᠤᠨ ᠣᠯᠳᠠᠮᠠᠯ ᠬᠣᠮᠰᠠᠳᠠᠯ ᠪᠣᠯᠤᠨ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠡᠰᠡᠷᠬᠦ ᠡᠮᠴᠢᠯᠡᠭᠡ ᠨᠢ ᠵᠥᠪᠬᠡᠨ ᠸᠢᠷᠦᠰᠦ ᠶᠢᠨ ᠬᠥᠭᠵᠢᠯ ᠢ ᠰᠠᠭᠠᠷᠮᠠᠭᠵᠢᠭᠤᠯᠬᠤ᠂ ᠳᠠᠷᠬᠠᠯᠠᠭ᠎ᠠ ᠶᠢ ᠳᠡᠮᠵᠢᠬᠦ ᠲᠡᠳᠦᠢ ᠯᠠ ᠪᠠᠶᠢᠭ᠎ᠠ ᠪᠥᠭᠡᠳ ᠣᠳᠣ ᠪᠠᠷ ᠮᠡᠳᠡᠭᠳᠡᠵᠦ ᠪᠤᠢ ᠪᠦᠷᠢᠨ ᠲᠡᠭᠦᠰ ᠡᠮᠴᠢᠯᠡᠭᠡ ᠪᠠᠶᠢᠬᠤ ᠦᠭᠡᠢ ᠪᠠᠶᠢᠨ᠎ᠠ᠃ ᠭᠡᠬᠦ ᠳᠦ ᠪᠡᠨ ᠡᠭᠦᠰᠬᠦ ᠰᠢᠯᠲᠠᠭᠠᠨ ᠪᠣᠯᠤᠨ ᠤᠷᠢᠳᠴᠢᠯᠠᠨ ᠰᠡᠷᠭᠡᠶᠢᠯᠡᠬᠦ ᠠᠷᠭ᠎ᠠ ᠵᠠᠮ ᠤᠳ ᠢ ᠲᠣᠭᠲᠠᠭᠠᠭᠰᠠᠨ ᠶᠤᠮ᠃

ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠬᠠᠯᠳᠠᠪᠤᠷᠢ ᠠᠴᠠ ᠤᠷᠢᠳᠴᠢᠯᠠᠨ ᠰᠡᠷᠭᠡᠶᠢᠯᠡᠬᠦ ᠠᠷᠭ᠎ᠠ ᠵᠠᠮ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠬᠣᠣᠰ ᠤᠳ ᠪᠡᠶ᠎ᠡ ᠪᠡᠶᠡᠨ ᠳᠦ ᠪᠡᠨ ᠦᠨᠡᠨᠴᠢ ᠪᠠᠶᠢᠬᠤ
 • ᠲᠣᠬᠢᠶᠠᠯᠳᠤᠯ ᠤᠨ ᠪᠡᠯᠭᠡ ᠶᠢᠨ ᠬᠠᠪᠢᠲᠠᠯ ᠠᠴᠠ ᠲᠠᠲᠠᠭᠠᠯᠵᠠᠬᠤ᠂ ᠲᠡᠪᠴᠢᠬᠦ
 • ᠪᠡᠯᠭᠡᠪᠴᠢ ᠶᠢ ᠵᠥᠪ᠂ ᠲᠣᠭᠲᠠᠮᠠᠯ ᠬᠡᠷᠡᠭᠯᠡᠬᠦ
 • ᠰᠧᠺᠰ ᠲᠣᠭᠯᠠᠭᠠᠮ ᠳᠠᠮᠵᠢᠭᠤᠯᠠᠨ ᠬᠡᠷᠡᠭᠯᠡᠬᠦ ᠦᠭᠡᠢ ᠪᠠᠶᠢᠬᠤ᠃ ᠡᠨᠡ ᠲᠣᠬᠢᠶᠠᠯᠳᠤᠯ ᠳᠤ ᠲᠣᠭᠯᠠᠭᠠᠮ ᠢ ᠤᠭᠢᠶᠠᠵᠤ ᠬᠡᠷᠡᠭᠯᠡᠬᠦ ᠡᠰᠡᠪᠡᠯ ᠪᠡᠯᠭᠡᠪᠴᠢ ᠪᠡᠷ ᠪᠥᠷᠬᠥᠵᠦ ᠬᠡᠷᠡᠭᠯᠡᠬᠦ᠃
 • ᠰᠤᠳᠠᠰᠤ ᠪᠠᠷ ᠬᠠᠷ᠎ᠠ ᠲᠠᠮᠠᠬᠢ ᠬᠡᠷᠡᠭᠯᠡᠭᠴᠢᠳ ᠵᠡᠭᠦᠦ᠂ ᠱᠫᠷᠢᠼ ᠳᠠᠮᠵᠢᠭᠤᠯᠠᠨ ᠬᠡᠷᠡᠭᠯᠡᠬᠦ ᠦᠭᠡᠢ ᠪᠠᠶᠢᠬᠤ

!ᠳᠠᠷᠬᠠᠯᠠᠯ ᠤᠨ ᠣᠯᠳᠠᠮᠠᠯ ᠬᠣᠮᠰᠠᠳᠠᠯ ᠨᠢ ᠣᠳᠣ ᠪᠠᠷ ᠲᠡᠭᠦᠰ ᠡᠮᠴᠢᠯᠡᠭᠡ  ᠦᠭᠡᠢ ᠦᠬᠦᠯ ᠳᠦ ᠬᠦᠷᠭᠡᠳᠡᠭ ᠡᠪᠡᠳᠴᠢᠨ᠃ ᠭᠡᠬᠦ ᠳᠦ ᠪᠡᠨ ᠳᠠᠷᠬᠠᠯᠠᠯ ᠤᠨ ᠣᠯᠳᠠᠮᠠᠯ ᠬᠣᠮᠰᠠᠳᠠᠯ ᠠᠴᠠ ᠤᠷᠢᠳᠴᠢᠯᠠᠨ ᠰᠡᠷᠭᠡᠶᠢᠯᠡᠬᠦ ᠪᠦᠷᠢᠨ ᠪᠣᠯᠤᠮᠵᠢ ᠲᠠᠢ᠃

ᠮᠣᠩᠭᠣᠯ ᠤᠯᠤᠰ ᠳᠠᠬᠢ ᠳᠠᠷᠬᠠᠯᠠᠯ ᠤᠨ ᠣᠯᠳᠠᠮᠠᠯ ᠬᠣᠮᠰᠠᠳᠠᠯ ᠤᠨ ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ ᠰᠡᠭᠦᠯ ᠦᠨ ᠵᠢᠯ ᠤᠨᠳ ᠲᠤ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ ᠡᠷᠴᠢᠮᠲᠡᠢ ᠲᠠᠷᠬᠠᠵᠤ ᠪᠠᠶᠢᠨ᠎ᠠ᠃ 2013 ᠣᠨ ᠤ ᠪᠠᠶᠢᠳᠠᠯ ᠢᠶᠠᠷ ᠳᠠᠷᠬᠠᠯᠠᠯ ᠤᠨ ᠣᠯᠳᠠᠮᠠᠯ ᠬᠣᠮᠰᠠᠳᠠᠯ ᠤᠨ ᠬᠠᠯᠳᠠᠪᠤᠷᠢᠲᠠᠢ ᠬᠦᠮᠦᠨ ᠦ ᠲᠣᠭ᠎ᠠ 149 ᠬᠦᠷᠦᠭᠡᠳ ᠪᠠᠶᠢᠨ᠎ᠠ[2]

ᠨᠡᠮᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

!ᠳᠠᠷᠬᠠᠯᠠᠯ ᠤᠨ ᠣᠯᠳᠠᠮᠠᠯ ᠬᠣᠮᠰᠠᠳᠠᠯ ᠵᠥᠪᠬᠡᠨ ᠡᠷᠡᠭᠦᠯ ᠮᠡᠨᠳᠦ ᠶᠢᠨ ᠠᠰᠠᠭᠤᠳᠠᠯ ᠪᠢᠰᠢ᠂ ᠬᠠᠷᠢᠨ ᠨᠡᠶᠢᠭᠡᠮ ᠪᠣᠯᠤᠨ ᠬᠥᠭᠵᠢᠯ ᠦᠨ ᠠᠰᠠᠭᠤᠳᠠᠯ᠃

!ᠡᠷᠡᠭᠦᠯ ᠰᠠᠷᠠᠭᠤᠯ ᠬᠠᠷᠠᠭᠳᠠᠵᠤ ᠪᠠᠶᠢᠭ᠎ᠠ ᠬᠦᠮᠦᠨ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠬᠠᠯᠳᠠᠪᠤᠷᠢᠲᠠᠢ ᠪᠠᠶᠢᠵᠤ ᠪᠣᠯᠤᠨ᠎ᠠ᠃

!ᠶᠠᠮᠠᠷᠴᠤ ᠡᠪᠡᠳᠴᠢᠨ ᠲᠤᠰᠠᠭᠰᠠᠨ ᠲᠡᠷᠡ ᠪᠣᠯ ᠬᠤᠪᠢ ᠬᠦᠮᠦᠨ ᠦ ᠨᠢᠭᠤᠴᠠ᠃ ᠬᠡᠨ ᠴᠤ ᠲᠡᠭᠦᠨ ᠢ ᠵᠠᠳᠠᠷᠠᠭᠤᠯᠬᠤ ᠡᠷᠬᠡ ᠦᠭᠡᠢ᠃ ᠪᠠᠰᠠ ᠡᠪᠡᠳᠴᠢᠨ ᠠᠪᠰᠠᠨ ᠤ ᠲᠥᠯᠥᠭᠡ ᠬᠦᠮᠦᠨ ᠢ ᠡᠯᠳᠡᠪ ᠢᠶᠡᠷ ᠭᠤᠲᠤᠭᠠᠨ ᠳᠣᠷᠣᠮᠵᠢᠯᠠᠵᠤ ᠪᠣᠯᠬᠤ ᠦᠭᠡᠢ᠃ ᠬᠠᠷᠢᠨ ᠴᠠᠭ ᠠᠯᠠᠳᠠᠯ ᠦᠭᠡᠢ ᠰᠢᠨᠵᠢᠯᠡᠭᠡ ᠥᠭᠬᠦ ᠨᠢ ᠵᠥᠪ ᠰᠢᠢᠳᠪᠦᠷᠢ ᠪᠣᠯᠤᠨ᠎ᠠ᠃

!ᠬᠡᠨ ᠢ ᠴᠤ ᠭᠠᠳᠠᠨ᠎ᠠ ᠠᠴᠠ ᠨᠢ ᠬᠠᠷᠠᠭᠠᠳ ᠬᠠᠯᠳᠠᠪᠤᠷᠢ ᠲᠡᠭᠡᠭᠡᠭᠴᠢ ᠭᠡᠳᠡᠭ ᠢ ᠮᠡᠳᠡᠬᠦ ᠪᠣᠯᠤᠮᠵᠢ ᠦᠭᠡᠢ᠃ ᠡᠶᠢᠮᠦ ᠳᠦ ᠵᠥᠪᠬᠡᠨ ᠬᠠᠯᠳᠠᠪᠤᠷᠢᠲᠠᠢ ᠨᠢ ᠮᠡᠳᠡᠭᠳᠡᠭᠰᠡᠨ ᠴᠥᠭᠡᠬᠡᠨ ᠬᠦᠮᠦᠰ ᠤᠷᠤᠭᠤ ᠠᠩᠬᠠᠷᠤᠯ ᠢᠶᠠᠨ ᠴᠢᠭᠯᠡᠭᠦᠯᠬᠦ ᠪᠢᠰᠢ᠂ ᠬᠠᠷᠢᠨ ᠬᠦᠮᠦᠨ ᠥᠪᠡᠷ ᠢᠶᠡᠨ ᠬᠠᠷᠢᠭᠤᠴᠠᠯᠭ᠎ᠠ ᠲᠠᠢ ᠪᠠᠶᠢᠬᠤ ᠨᠢ ᠳᠠᠷᠬᠠᠯᠠᠯ ᠤᠨ ᠣᠯᠳᠠᠮᠠᠯ ᠬᠣᠮᠰᠠᠳᠠᠯ ᠠᠴᠠ ᠬᠠᠮᠠᠭᠠᠯᠠᠨ᠎ᠠ᠃

!ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ ᠲᠠᠢ ᠬᠦᠮᠦᠰ ᠲᠦ ᠤᠳᠠᠭᠠᠨ ᠠᠮᠢᠳᠤᠷᠠᠬᠤ ᠪᠣᠯᠤᠮᠵᠢ ᠪᠠᠶᠢᠨ᠎ᠠ᠃ ᠬᠠᠷᠢᠨ ᠭᠤᠲᠤᠭᠠᠨ ᠳᠣᠷᠣᠮᠵᠢᠯᠠᠯ᠂ ᠢᠯᠭᠠᠪᠤᠷᠢᠯᠠᠨ ᠭᠠᠳᠠᠭᠤᠷᠬᠠᠯ ᠳᠤ ᠨᠢ ᠴᠠᠭ ᠠᠯᠠᠳᠠᠯ ᠦᠭᠡᠢ ᠡᠮᠴᠢᠯᠡᠭᠡ ᠠᠪᠬᠤ ᠳᠤ ᠰᠠᠭᠠᠳ ᠪᠣᠯᠳᠠᠭ᠃

 • ᠳᠠᠷᠬᠠᠯᠠᠯ ᠤᠨ ᠣᠯᠳᠠᠮᠠᠯ ᠬᠣᠮᠰᠠᠳᠠᠯ ᠨᠢ ᠪᠡᠯᠭᠡ ᠶᠢᠨ ᠵᠠᠮ ᠢᠶᠠᠷ ᠳᠠᠮᠵᠢᠬᠤ ᠬᠠᠯᠳᠠᠪᠤᠷᠢ ᠮᠥᠨ ᠦᠦ?

ᠮᠥᠨ᠃ ᠭᠡᠬᠦ ᠳᠦ ᠪᠡᠨ ᠪᠤᠰᠤᠳ ᠪᠡᠯᠭᠡ ᠶᠢᠨ ᠵᠠᠮ ᠢᠶᠠᠷ ᠳᠠᠮᠵᠢᠬᠤ ᠬᠠᠯᠳᠠᠪᠤᠷᠢ ᠍ ᠨᠤᠭᠤᠳ ᠠᠴᠠ ᠢᠯᠭᠠᠭ᠎ᠠ ᠲᠠᠢ ᠨᠢ ᠳᠠᠷᠬᠠᠯᠠᠯ ᠤᠨ ᠣᠯᠳᠠᠮᠠᠯ ᠬᠣᠮᠰᠠᠳᠠᠯ ᠢ ᠲᠡᠭᠦᠰ ᠡᠳᠡᠭᠡᠭᠡᠬᠦ ᠪᠣᠯᠤᠮᠵᠢ ᠦᠭᠡᠢ᠃ ᠪᠤᠰᠤᠳ ᠪᠡᠯᠭᠡ ᠶᠢᠨ ᠵᠠᠮ ᠢᠶᠠᠷ ᠳᠠᠮᠵᠢᠬᠤ ᠬᠠᠯᠳᠠᠪᠤᠷᠢ ᠍ ᠲᠠᠢ ᠪᠠᠶᠢᠬᠤ ᠨᠢ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠬᠠᠯᠳᠠᠪᠤᠷᠢ ᠶᠢ ᠠᠪᠬᠤ ᠪᠣᠯᠤᠨ ᠲᠠᠷᠠᠭᠠᠬᠤ ᠪᠣᠯᠤᠮᠵᠢ ᠶᠢ 3-10 ᠳᠠᠬᠢᠨ ᠶᠡᠬᠡᠰᠬᠡᠳᠡᠭ᠃

 • ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠭᠡᠵᠦ ᠶᠠᠭᠤ ᠭᠡᠰᠡᠨ ᠤᠳᠬ᠎ᠠ ᠲᠠᠢ ᠪᠤᠢ?

ᠡᠨᠡ ᠨᠢ ᠲᠤᠬᠠᠢ ᠶᠢᠨ ᠬᠦᠮᠦᠨ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠢ ᠲᠡᠭᠡᠭᠡᠭᠴᠢ ᠪᠤᠶᠤ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠶᠢᠨ ᠬᠠᠯᠳᠠᠪᠤᠷᠢ ᠠᠪᠤᠭᠰᠠᠨ ᠭᠡᠰᠡᠨ ᠦᠭᠡ᠃ ᠭᠡᠬᠦ ᠳᠦ ᠪᠡᠨ ᠡᠨᠡ ᠨᠢ ᠲᠡᠷᠡ ᠬᠦᠮᠦᠨ ᠢ ᠣᠯᠠᠨ ᠡᠪᠡᠳᠴᠢᠨ ᠦ ᠰᠢᠨᠵᠢ ᠲᠡᠮᠳᠡᠭ ᠢᠯᠡᠷᠡᠭᠰᠡᠨ ᠳᠠᠷᠬᠠᠯᠠᠯ ᠤᠨ ᠣᠯᠳᠠᠮᠠᠯ ᠬᠣᠮᠰᠠᠳᠠᠯ ᠡᠪᠡᠳᠴᠢᠨ ᠢᠶᠡᠷ ᠡᠪᠡᠳᠴᠢᠯᠡᠭᠰᠡᠨ ᠭᠡᠰᠡᠨ ᠦᠭᠡ ᠬᠠᠷᠠᠬᠠᠨ ᠪᠢᠰᠢ᠃

 • ᠴᠣᠩᠬᠣ ᠦᠶ᠎ᠡ ᠭᠡᠵᠦ ᠤᠤ ᠪᠤᠢ?

ᠬᠠᠯᠳᠠᠪᠤᠷᠢ ᠠᠪᠤᠭᠰᠠᠨ ᠠᠴᠠ ᠬᠣᠶᠢᠰᠢ ᠳᠠᠷᠬᠠᠯᠠᠯ ᠤᠨ ᠲᠣᠭᠲᠠᠯᠴᠠᠭ᠎ᠠ ᠬᠠᠯᠳᠠᠪᠤᠷᠢ ᠶᠢ ᠡᠰᠡᠷᠭᠦᠴᠡᠵᠦ ᠡᠬᠢᠯᠡᠲᠡᠯ᠎ᠡ ᠣᠶᠢᠷᠠᠯᠴᠠᠭ᠎ᠠ ᠪᠠᠷ 3 ᠰᠠᠷ᠎ᠠ (ᠵᠠᠷᠢᠮ ᠳᠤ ᠪᠠᠨ 3-6 ᠰᠠᠷ᠎ᠠ)ᠥᠩᠭᠡᠷᠡᠳᠡᠭ᠃ ᠡᠨᠡ 3 ᠰᠠᠷ᠎ᠠ ᠶᠢᠨ ᠬᠤᠭᠤᠴᠠᠭᠠᠨ ᠳᠤ ᠴᠢᠰᠤᠨ ᠤ ᠰᠢᠨᠵᠢᠯᠡᠭᠡᠨ ᠳᠦ ᠥᠭᠡᠷᠡᠴᠢᠯᠡᠯᠲᠡ ᠭᠠᠷᠬᠤ ᠦᠭᠡᠢ ᠪᠠᠶᠢᠵᠤ ᠪᠣᠯᠬᠤ ᠲᠤᠯᠠ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠣᠨᠣᠰᠢᠯᠠᠭᠳᠠᠬᠤ ᠦᠭᠡᠢ᠃ ᠡᠨᠡ ᠦᠶ᠎ᠡ ᠶᠢ 《ᠴᠣᠩᠬᠣ ᠦᠶ᠎ᠡ》 ᠭᠡᠵᠦ ᠨᠡᠷᠡᠯᠡᠳᠡᠭ᠃ ᠡᠶᠢᠮᠦ ᠡᠴᠡ ᠶᠠᠮᠠᠷ ᠨᠢᠭᠡᠨ ᠡᠷᠦᠰᠳᠡᠯ ᠲᠡᠢ ᠦᠢᠯᠡᠳᠦᠯ ᠳᠦ ᠥᠷᠲᠦᠭᠰᠡᠨ ᠪᠣᠯ 3 ᠰᠠᠷ᠎ᠠ ᠶᠢᠨ ᠳᠠᠷᠠᠭ᠎ᠠ ᠳᠠᠬᠢᠨ ᠰᠢᠨᠵᠢᠯᠡᠭᠦᠯᠬᠦ ᠬᠡᠷᠡᠭᠲᠡᠢ᠃

 • ᠬᠡᠨ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ ᠤᠨ ᠬᠠᠯᠳᠠᠪᠤᠷᠢ ᠶᠢ ᠠᠪᠴᠤ ᠪᠣᠯᠬᠤ ᠪᠤᠢ?

ᠬᠡᠨ ᠴᠤ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠦᠨ ᠬᠠᠯᠳᠠᠪᠤᠷᠢ ᠶᠢ ᠠᠪᠴᠤ ᠪᠣᠯᠤᠨ᠎ᠠ᠃ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ ᠨᠢ ᠶᠠᠰᠤ ᠦᠨᠳᠦᠰᠦ᠂ ᠱᠠᠰᠢᠨ ᠰᠢᠲᠦᠯᠭᠡ᠂ ᠨᠠᠰᠤ ᠬᠦᠢᠰᠦ᠂ ᠠᠵᠢᠯ ᠮᠡᠷᠭᠡᠵᠢᠯ᠂ ᠪᠣᠯᠪᠠᠰᠤᠷᠠᠯ᠂ ᠪᠡᠯᠭᠡ ᠶᠢᠨ ᠬᠠᠷᠢᠴᠠᠭᠠᠨ ᠤ ᠰᠢᠨᠵᠢ ᠲᠥᠷᠬᠥ ᠡᠴᠡ ᠦᠯᠦ ᠬᠠᠮᠢᠶᠠᠷᠤᠨ ᠬᠠᠯᠳᠠᠪᠤᠷᠢᠯᠠᠨ᠎ᠠ᠃

 • ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ ᠲᠠᠢ ᠬᠦᠮᠦᠨ ᠢ ᠬᠠᠷᠠᠭᠠᠳ ᠲᠠᠨᠢᠵᠤ ᠴᠢᠳᠠᠬᠤ ᠤᠤ?

ᠦᠭᠡᠢ᠃ ᠲᠤᠬᠠᠢ ᠶᠢᠨ ᠬᠦᠮᠦᠨ ᠢ ᠬᠠᠷᠠᠭᠠᠳ ᠲᠠᠨᠢᠬᠤ ᠪᠣᠯᠤᠮᠵᠢ ᠦᠭᠡᠢ᠃

 • ᠳᠠᠷᠬᠠᠯᠠᠯ ᠤᠨ ᠣᠯᠳᠠᠮᠠᠯ ᠬᠣᠮᠰᠠᠳᠠᠯ ᠲᠡᠭᠦᠰ ᠡᠮᠴᠢᠯᠡᠭᠳᠡᠬᠦ ᠦᠦ?

ᠳᠠᠷᠬᠠᠯᠠᠯ ᠤᠨ ᠣᠯᠳᠠᠮᠠᠯ ᠬᠣᠮᠰᠠᠳᠠᠯ ᠢ ᠲᠡᠭᠦᠰ ᠡᠳᠡᠭᠡᠭᠡᠬᠦ ᠡᠮᠴᠢᠯᠡᠭᠡ ᠬᠠᠷᠠᠬᠠᠨ ᠭᠠᠷᠤᠭ᠎ᠠ ᠦᠭᠡᠢ ᠪᠣᠯᠪᠠᠴᠤ ᠠᠮᠢᠳᠤᠷᠠᠬᠤ ᠬᠤᠭᠤᠴᠠᠭ᠎ᠠ ᠶᠢ ᠤᠷᠲᠤᠰᠬᠠᠬᠤ ᠡᠮ ᠦᠨ ᠡᠮᠴᠢᠯᠡᠭᠡ ᠪᠠᠶᠢᠳᠠᠭ᠃

 • ᠬᠦᠮᠦᠰ ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ ᠤᠨ ᠲᠠᠯ᠎ᠠ ᠪᠠᠷ ᠶᠠᠮᠠᠷ ᠲᠠᠰᠢᠶ᠎ᠠ ᠣᠶᠢᠯᠠᠭᠠᠯᠲᠠ ᠲᠠᠢ ᠪᠠᠶᠢᠳᠠᠭ ᠪᠤᠢ?

ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ ᠤᠨ ᠬᠠᠯᠳᠠᠪᠤᠷᠢᠲᠠᠢ ᠬᠦᠮᠦᠨ ᠲᠡᠢ ᠬᠠᠮᠲᠤ ᠠᠵᠢᠯᠯᠠᠬᠤ᠂ ᠠᠮᠢᠳᠤᠷᠠᠬᠤ᠂ ᠬᠣᠭᠣᠯᠠᠯᠠᠬᠤ᠂ ᠠᠰᠠᠷᠠᠬᠤ᠂ ᠲᠡᠪᠡᠷᠢᠯᠳᠦᠬᠦ ᠵᠡᠷᠭᠡ ᠳᠦ ᠬᠠᠯᠳᠠᠪᠤᠷᠢ ᠠᠪᠬᠤ ᠦᠭᠡᠢ᠃ ᠵᠥᠪᠬᠡᠨ ᠬᠠᠯᠳᠠᠪᠤᠷᠢᠲᠠᠢ ᠬᠦᠮᠦᠨ ᠦ ᠴᠢᠰᠤ᠂ ᠦᠷ᠎ᠡ ᠶᠢᠨ ᠰᠢᠩᠭᠡᠨ᠂ ᠦᠲᠦᠷᠡᠭᠡᠨ ᠦ ᠱᠦᠭᠦᠷᠡᠯ ᠬᠦᠮᠦᠨ ᠦ ᠪᠡᠶ᠎ᠡ ᠳᠦ ᠨᠡᠪᠲᠡᠷᠡᠭᠰᠡᠨ ᠲᠣᠬᠢᠶᠠᠯᠳᠤᠯ ᠳᠤ ᠯᠠ ᠬᠠᠯᠳᠠᠪᠤᠷᠢ ᠠᠪᠤᠨ᠎ᠠ᠃

 • ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ/ᠪᠡᠯᠭᠡ ᠶᠢᠨ ᠵᠠᠮ ᠢᠶᠠᠷ ᠳᠠᠮᠵᠢᠬᠤ ᠬᠠᠯᠳᠠᠪᠤᠷᠢ ᠠᠴᠠ ᠬᠡᠷᠬᠢᠨ ᠰᠡᠷᠭᠡᠶᠢᠯᠡᠬᠦ ᠪᠤᠢ?

ᠬᠦᠮᠦᠨ ᠦ ᠳᠠᠷᠬᠠᠯᠠᠯ ᠬᠣᠮᠰᠠᠳᠠᠯ ᠤᠨ ᠸᠢᠷᠦᠰ/ᠳᠠᠷᠬᠠᠯᠠᠯ ᠤᠨ ᠣᠯᠳᠠᠮᠠᠯ ᠬᠣᠮᠰᠠᠳᠠᠯ/ᠪᠡᠯᠭᠡ ᠶᠢᠨ ᠵᠠᠮ ᠢᠶᠠᠷ ᠳᠠᠮᠵᠢᠬᠤ ᠬᠠᠯᠳᠠᠪᠤᠷᠢ ᠠᠴᠠ ᠰᠡᠷᠭᠡᠶᠢᠯᠡᠬᠦ ᠠᠯᠲᠠᠨ ᠳᠦᠷᠢᠮ ᠪᠤᠶᠤ ABCD ᠍ ᠍ ᠤᠨ ᠳᠦᠷᠢᠮ ᠢ ᠮᠥᠷᠳᠡᠪᠡᠯ ᠬᠠᠯᠳᠠᠪᠤᠷᠢ ᠠᠴᠠ ᠥᠪᠡᠷ ᠢ ᠪᠡᠨ ᠪᠣᠯᠤᠨ ᠪᠤᠰᠤᠳ ᠢ ᠬᠠᠮᠠᠭᠠᠯᠠᠵᠤ ᠴᠢᠳᠠᠨ᠎ᠠ᠃

A: ᠲᠡᠪᠴᠢᠬᠦ (ᠭᠡᠷᠡᠯᠬᠦ ᠪᠣᠯᠲᠠᠯ᠎ᠠ ᠪᠡᠯᠭᠡ ᠶᠢᠨ ᠬᠠᠷᠢᠴᠠᠭᠠᠨ ᠳᠤ ᠣᠷᠣᠬᠤ ᠦᠭᠡᠢ ᠪᠠᠶᠢᠬᠤ᠂ ᠭᠡᠷᠯᠡᠭᠰᠡᠨ ᠪᠣᠯ ᠲᠣᠬᠢᠶᠠᠯᠳᠤᠯ ᠤᠨ ᠪᠡᠯᠭᠡ ᠶᠢᠨ ᠬᠠᠷᠢᠴᠠᠭᠠᠨ ᠠᠴᠠ ᠲᠠᠲᠠᠭᠠᠯᠵᠠᠬᠤ)

B: ᠪᠡᠶ᠎ᠡ ᠪᠡᠶ᠎ᠡ ᠳ᠋ᠦ ᠪᠡᠨ ᠬᠠᠷᠢᠯᠴᠠᠨ ᠦᠨᠡᠨᠴᠢ ᠪᠠᠶᠢᠬᠤ

C: ᠪᠡᠯᠭᠡ ᠶᠢᠨ ᠬᠠᠷᠢᠴᠠᠭᠠᠨ ᠳᠤ ᠤᠷᠤᠬᠤ ᠪᠦᠷᠢ ᠳᠦ ᠪᠡᠨ ᠪᠡᠯᠭᠡᠪᠴᠢ ᠶᠢ ᠲᠣᠭᠲᠠᠮᠠᠯ ᠵᠥᠪ ᠬᠡᠷᠡᠭᠯᠡᠬᠦ

D: ᠬᠠᠷ᠎ᠠ ᠲᠠᠮᠠᠬᠢ᠂ ᠮᠠᠩᠰᠢᠭᠤᠷᠠᠭᠤᠯᠬᠤ ᠪᠣᠳᠠᠰ ᠬᠡᠷᠡᠭᠯᠡᠬᠦ ᠡᠴᠡ ᠲᠠᠲᠠᠭᠠᠯᠵᠠᠬᠤ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ